ᠳᠥᠷᠪᠡᠳᠦᠭᠡᠷ ᠬᠡᠰᠡᠭ ᠲᠡᠮᠡᠭᠡᠨ ᠤ ᠶᠠᠪᠤᠳᠠᠯ | ᠲᠡᠮᠡᠭᠡᠨ ᠤ ᠶᠠᠪᠤᠳᠠᠯ ᠨᠢ ᠬᠤᠷᠳᠤᠨ ᠤᠳᠠᠭᠠᠨ᠂ ᠠᠯᠬᠤᠵᠤ ᠭᠢᠰᠬᠢᠬᠦ᠂ ᠬᠥᠳᠡᠯᠦᠯ ᠪᠠᠶᠢᠳᠠᠯ᠂ ᠤᠨᠤᠵᠤ ᠠᠴᠢᠬᠤ᠂ ᠡᠳ᠋ᠯᠡᠵᠦ ᠬᠡᠷᠡᠭᠯᠡᠬᠦ ᠪᠤᠶᠤ ᠠᠷᠠᠴᠢᠯᠠᠵᠤ | ᠮᠠᠯᠯᠠᠬᠤ ᠵᠡᠷᠭᠡ ᠶᠠᠪᠤᠴᠠ ᠳᠤ ᠢᠯᠡᠷᠡᠭᠰᠡᠨ ᠵᠠᠩ ᠠᠪᠤᠷᠢ ᠶᠢᠨ ᠠᠳᠠᠯᠢ ᠪᠤᠰᠤ ᠣᠨᠴᠠᠯᠢᠭ ᠠᠴᠠ ᠪᠣᠯᠵᠤ ᠲᠤᠰ ᠲᠤᠰ ᠥᠪᠡᠷᠮᠢᠴᠡ ᠭᠡᠯᠪᠠᠷᠢ ᠮᠠᠶ᠋ᠢᠭ ᠲᠠᠢ ᠪᠥᠭᠡᠳ ᠡᠨᠡ | ᠨᠢ ᠬᠤᠪᠢ ᠬᠤᠪᠢᠨ ᠳᠠᠭᠠᠨ ᠨᠡᠷᠡᠶᠢᠳᠦᠯ ᠳᠠᠭᠤᠳᠠᠯᠭ᠎ᠠ ᠲᠠᠢ᠃ | ᠲᠡᠮᠡᠭᠡᠨ ᠤ ᠶᠠᠪᠤᠳᠠᠯ ᠤᠨ ᠡᠪᠲᠡᠢ ᠡᠪ ᠦᠭᠡᠢ᠂ ᠰᠠᠶᠢᠨ ᠮᠠᠭᠤ᠂ ᠬᠤᠷᠳᠤᠨ ᠤᠳᠠᠭᠠᠨ᠂ ᠭᠡᠯᠪᠠᠷᠢ ᠮᠠᠶ᠋ᠢᠭ ᠨᠢ ᠤᠨᠤᠯᠭ᠎ᠠ ᠠᠴᠢᠯᠭ᠎ᠠ᠂ ᠡᠳ᠋ᠯᠡᠭᠡ ᠬᠡᠷᠡᠭᠯᠡᠭᠡ ᠲᠠᠢ | ᠰᠢᠭᠤᠳ ᠬᠤᠯᠪᠤᠭ᠎ᠠ ᠲᠠᠢ ᠪᠣᠯᠬᠤᠷ ᠨᠢᠭᠡ ᠲᠡᠮᠡᠭᠡᠨ ᠤ ᠲᠥᠷᠥᠯᠬᠢ ᠶᠠᠪᠤᠳᠠᠯ ᠭᠡᠯᠪᠠᠷᠢ᠂ ᠵᠠᠩ ᠠᠷᠠᠨᠰᠢᠨ ᠠᠴᠠ ᠨᠢ ᠪᠣᠯᠤᠭᠰᠠᠨ ᠠᠯᠬᠤᠭ᠎ᠠ ᠭᠢᠰᠬᠢᠭᠡ ᠨᠢ ᠬᠤᠵᠢᠮ ᠤᠨ | ᠤᠨᠤᠯᠭ᠎ᠠ ᠠᠴᠢᠯᠭ᠎ᠠ ᠵᠡᠷᠭᠡ ᠡᠳ᠋ᠯᠡᠭᠡᠨ ᠳᠤ ᠲᠣᠬᠢᠷᠠᠭᠤᠯᠤᠨ ᠬᠡᠷᠡᠭᠯᠡᠬᠦ ᠳᠤ ᠵᠠᠩᠭᠢᠯᠠᠭ᠎ᠠ ᠪᠤᠯᠳᠠᠭ᠃ ᠲᠡᠮᠡᠭᠡᠴᠢᠳ ᠲᠡᠮᠡᠭᠡ ᠶᠢ ᠪᠠᠭ᠎ᠠ ᠨᠠᠰᠤᠨ ᠠᠴᠠ ᠨᠢ | ᠰᠤᠷᠭᠠᠬᠤ ᠳᠠᠭᠠᠨ ᠶᠠᠪᠤᠳᠠᠯ ᠭᠢᠰᠬᠢᠳᠡᠯ ᠨᠢ ᠪᠡᠶ᠎ᠡ ᠳᠤ ᠡᠪᠲᠡᠢ ᠵᠥᠭᠡᠯᠡᠨ᠂ ᠠᠴᠢᠶ᠎ᠠ ᠲᠡᠭᠡᠭᠡᠪᠦᠷᠢ ᠳᠤ ᠨᠠᠮᠤᠭᠤᠬᠠᠨ ᠲᠣᠭᠲᠠᠪᠤᠷᠢᠲᠠᠢ᠂ ᠤᠨᠤᠯᠭ᠎ᠠ ᠤᠷᠤᠯᠳᠤᠭᠠᠨ ᠳᠤ | ᠬᠤᠷᠳᠤᠨ᠂ ᠭᠢᠰᠬᠢᠴᠡ ᠲᠠᠲᠠᠰᠢ ᠶᠢ ᠨᠢ ᠡᠪᠯᠢᠭ ᠰᠠᠶᠢᠬᠠᠨ ᠪᠤᠯᠭᠠᠬᠤ ᠶᠢ ᠲᠤᠶᠢᠯ ᠢᠶᠠᠷ ᠠᠩᠬᠠᠷᠳᠠᠭ᠃ ᠲᠡᠷᠡᠴᠢᠯᠡᠨ ᠲᠡᠮᠡᠭᠡᠨ ᠤ ᠲᠤᠰ ᠪᠡᠶ᠎ᠡ ᠶᠢᠨ ᠬᠢᠨᠢ ᠲᠥᠷᠬᠦ | ᠪᠠᠶᠢᠳᠠᠯ᠂ ᠣᠨᠴᠠᠯᠢᠭ ᠰᠢᠨᠵᠢ᠂ ᠵᠠᠩ ᠠᠷᠠᠨᠰᠢᠨ ᠢ ᠦᠨᠳᠦᠰᠦᠯᠡᠨ ︽ᠴᠡᠭᠡᠵᠢ ᠥᠷᠭᠡᠨ᠂ ᠬᠥᠯ ᠤᠷᠳᠤ᠂ ᠪᠣᠷᠪᠢ ᠰᠠᠶᠢᠲᠠᠢ᠂ ᠲᠤᠭᠰᠢᠨ ᠰᠡᠷᠭᠦᠯᠡᠩ ᠪᠣᠲᠣᠭᠤ ᠪᠠᠶᠢᠨ᠎ᠠ᠂ | ᠬᠤᠷᠳᠤᠨ ᠲᠡᠮᠡᠭᠡ ᠭᠠᠷᠬᠤ ᠰᠢᠨᠵᠢ ᠲᠠᠢ᠂ ᠤᠷᠤᠯᠳᠤᠭᠠᠨ ᠳᠤ ᠰᠤᠷᠭᠠᠶ᠎ᠠ︾ ᠭᠡᠬᠦ ᠪᠤᠶᠤ ︽ᠰᠢᠯᠪᠢ ᠪᠦᠳᠦᠭᠦᠨ᠂ ᠱᠠᠭ᠎ᠠ ᠬᠦᠳᠡᠷ᠂ ᠲᠠᠰᠢᠶ᠎ᠠ ᠵᠤᠵᠠᠭᠠᠨ᠂ ᠪᠡᠶᠡᠷᠬᠡᠭ᠂ | ᠠᠯᠬᠤᠭ᠎ᠠ ᠰᠠᠶᠢᠲᠠᠢ ᠲᠡᠮᠡᠭᠡ ᠪᠤᠯᠬᠤ ᠰᠢᠨᠵᠢ ᠲᠠᠢ᠂ ᠤᠨᠤᠯᠭ᠎ᠠ ᠶᠢᠨ ᠠᠳᠠ ᠪᠣᠯᠭᠠᠶ᠎ᠠ︾ ᠭᠡᠬᠦ ᠮᠡᠲᠦ ᠠᠵᠢᠭᠯᠠᠵᠤ ᠰᠢᠨᠵᠢᠭᠰᠡᠨ ᠰᠠᠭᠤᠷᠢᠨ ᠳᠡᠭᠡᠷ᠎ᠡ ᠵᠣᠷᠢᠯᠭ᠎ᠠ ᠲᠠᠢ ᠪᠠᠷ | ᠤᠷᠤᠯᠳᠤᠭᠠᠨ ᠤ᠂ ᠤᠨᠤᠯᠭ᠎ᠠ ᠶᠢᠨ᠂ ᠠᠴᠢᠯᠭ᠎ᠠ ᠶᠢᠨ ᠭᠡᠵᠦ ᠲᠤᠰ ᠲᠤᠰ ᠤᠨ ᠣᠨᠴᠠᠯᠢᠭ ᠲᠤᠨᠢ ᠲᠣᠬᠢᠷᠠᠭᠰᠠᠨ ᠶᠠᠪᠤᠳᠠᠯ ᠭᠢᠰᠬᠢᠳᠡᠯ ᠰᠤᠷᠭᠠᠳᠠᠭ᠃ ᠵᠠᠷᠢᠮ ᠬᠥᠮᠥᠨ | ᠲᠡᠮᠡᠭᠡ ᠶᠢ ᠥᠪᠡᠷ ᠤᠨ ᠳᠤᠷ᠎ᠠ ᠪᠠᠬ᠎ᠠ ᠳᠠᠭᠠᠨ ᠨᠡᠶᠢᠴᠡᠭᠰᠡᠨ ᠶᠠᠪᠤᠳᠠᠯ ᠭᠢᠰᠬᠢᠳᠡᠯ ᠲᠠᠢ ᠪᠤᠯᠭᠠᠵᠤ ᠰᠤᠷᠭᠠᠬᠤ ᠤᠴᠢᠷ ᠴᠤ ᠪᠤᠢ᠃ | ᠲᠡᠮᠡᠭᠡᠨ ᠤ ᠶᠠᠪᠤᠳᠠᠯ ᠨᠢ ᠴᠣᠪᠬᠤᠷᠠᠬᠤ᠂ ᠴᠦᠮᠴᠢᠬᠦ᠂ ᠲᠠᠪᠠᠴᠠᠬᠤ ᠵᠡᠷᠭᠡ ᠤᠠᠴᠠᠭᠠᠢ ᠭᠡᠯᠪᠠᠷᠢ ᠶᠢᠨ ᠶᠠᠪᠤᠳᠠᠯ ᠢ ᠭᠠᠷᠭᠠᠪᠠᠯ ᠪᠤᠰᠤᠳ ᠨᠢ ᠪᠦᠷ ᠡᠮᠦᠨ᠎ᠡ | ᠬᠤᠶᠢᠲᠤ ᠬᠤᠶᠠᠷ ᠬᠥᠯ ᠢᠶᠠᠨ ᠪᠤᠷᠤᠭᠤᠲᠠᠢ ᠵᠥᠪᠲᠡᠢ ᠬᠤᠶᠠᠷ ᠲᠠᠯ᠎ᠠ ᠪᠠᠷ ᠢᠶᠠᠨ ᠵᠡᠷᠭᠡ ᠪᠠᠷ ᠡᠭᠡᠯᠵᠢᠯᠡᠭᠦᠯᠦᠨ ᠭᠢᠰᠬᠢᠵᠦ ᠶᠠᠪᠤᠳᠠᠭ᠃ ᠲᠡᠮᠡᠭᠡᠨ ᠤ ᠶᠠᠪᠤᠳᠠᠯ ᠭᠢᠰᠬᠢᠳᠡᠯ | ᠨᠢ ᠪᠤᠰᠤᠳ ᠬᠥᠯᠦᠰᠢᠨ ᠮᠠᠯ ᠲᠠᠢ ᠠᠳᠠᠯᠢ ᠦᠭᠡᠢ ᠪᠣᠯᠬᠤᠷ ᠥᠪᠡᠷᠮᠢᠴᠡ ᠨᠡᠷᠡᠶᠢᠳᠦᠯ ᠲᠠᠢ ᠪᠠᠷ ᠦᠯᠤ ᠪᠠᠷᠠᠮ ᠭᠢᠰᠬᠢᠭᠰᠡᠨ ᠮᠥᠷ ᠨᠢ ᠴᠤ ᠠᠳᠠᠯᠢ ᠦᠭᠡᠢ᠃ | ᠦᠯᠬᠦᠬᠦ᠄ ᠶᠠᠳᠠᠷ ᠲᠤᠷᠤᠢ ᠪᠤᠶᠤ ᠭᠡᠮ ᠲᠠᠢ ᠲᠡᠮᠡᠭᠡᠨ ᠤ ᠬᠠᠮᠤᠭ ᠤᠳᠠᠭᠠᠨ᠂ ᠬᠥᠯ ᠲᠠᠲᠠᠰᠢ ᠨᠢ ᠬᠠᠮᠤᠭ ᠣᠶᠢᠷᠠᠬᠠᠨ ᠠᠯᠬᠤᠵᠤ ᠶᠠᠪᠤᠬᠤ ᠶᠠᠪᠤᠳᠠᠯ᠃ | ᠬᠥᠮᠥᠨ ᠬᠥᠲᠥᠯᠬᠦ ᠪᠤᠶᠤ ᠲᠠᠭᠤᠬᠤ ᠶᠢ ᠦᠯᠬᠦᠬᠦᠯᠬᠦ ᠭᠡᠵᠦ᠂ ᠥᠪᠡᠷ ᠢᠶᠠᠨ ᠰᠤᠯᠠ ᠶᠠᠪᠤᠬᠤ ᠶᠢ ᠦᠯᠬᠦᠬᠦ ᠭᠡᠳᠡᠭ᠃ ᠡᠭᠦᠨ ᠢ ᠪᠠᠰᠠ ᠦᠷᠪᠠᠬᠦ ᠴᠦ ᠭᠡᠳᠡᠭ᠃ | ᠭᠡᠯᠳᠤᠷᠢᠬᠦ᠄ ᠦᠯᠬᠦᠬᠦ ᠠᠴᠠ ᠠᠷᠠᠢ ᠲᠦᠷᠭᠡᠨ ᠶᠠᠪᠤᠬᠤ ᠶᠠᠪᠤᠳᠠᠯ᠃ ᠬᠥᠮᠥᠨ ᠣᠨᠣᠭᠰᠠᠨ᠂ ᠠᠴᠢᠶ᠎ᠠ ᠠᠴᠢᠭᠰᠠᠨ᠂ ᠲᠠᠭᠤᠬᠤ ᠪᠤᠶᠤ ᠬᠥᠲᠥᠯᠥᠭᠰᠡᠨ ᠪᠠᠶᠢᠳᠠᠯ ᠳᠣᠣᠷ᠎ᠠ | ᠬᠡᠷᠡᠭᠯᠡᠭᠳᠡᠬᠦ ᠬᠠᠮᠤᠭ ᠤᠳᠠᠭᠠᠨ ᠠᠯᠬᠤᠬᠤ ᠶᠠᠪᠤᠳᠠᠯ ᠢ ᠭᠡᠯᠳᠤᠷᠢᠬᠦ ᠭᠡᠳᠡᠭ᠃ | ᠰᠠᠵᠢᠯᠠᠬᠤ᠄ ᠭᠡᠯᠳᠤᠷᠢᠬᠦ ᠠᠴᠠ ᠠᠷᠠᠢ ᠲᠦᠷᠭᠡᠨ᠂ ᠠᠯᠬᠤᠬᠤ ᠠᠴᠠ ᠪᠠᠭ᠎ᠠ ᠯᠠ ᠤᠳᠠᠭᠠᠨ ᠶᠠᠪᠤᠳᠠᠯ᠃ ᠲᠠᠷᠨ ᠨᠢ ᠬᠥᠭᠰᠢᠳ ᠨᠠᠰᠤᠲᠠᠶᠢᠴᠤᠳ ᠤᠨᠤᠬᠤ ᠪᠤᠶᠤ | ᠬᠡᠦᠬᠡᠳ ᠨᠢᠯᠬᠠᠰ ᠳᠡᠭᠦᠷᠴᠦ ᠶᠠᠪᠤᠬᠤ ᠳᠤ ᠵᠣᠬᠢᠮᠵᠢᠲᠠᠢ ᠵᠥᠭᠡᠯᠡᠨ ᠶᠠᠪᠤᠳᠠᠯ ᠪᠣᠯᠣᠨ᠎ᠠ᠃ ᠡᠶᠢᠮᠦ ᠶᠠᠪᠤᠳᠠᠯ ᠨᠢ ᠬᠡᠦᠬᠡᠳ ᠳᠡᠭᠦᠷᠬᠦ ᠪᠤᠶᠤ ᠪᠤᠭ ᠮᠠᠯ ᠬᠠᠷᠢᠭᠤᠯᠬᠤ ᠳᠤ | ᠲᠣᠬᠢᠷᠠᠮᠵᠢᠲᠠᠢ᠃ | ᠠᠯᠬᠤᠬᠤ᠄ ᠲᠡᠮᠡᠭᠡᠨ ᠤ ᠠᠭᠠᠵᠢᠮ ᠶᠠᠪᠤᠳᠠᠯ ᠤᠨ ᠳᠣᠲᠣᠷ᠎ᠠ ᠬᠠᠮᠤᠭ ᠤᠯᠠᠨ ᠬᠠᠷᠠᠭᠳᠠᠬᠤ ᠶᠠᠪᠤᠳᠠᠯ ᠪᠣᠯᠣᠨ᠎ᠠ᠃ ᠲᠠᠷᠨ ᠨᠢ ᠬᠤᠯᠨ ᠵᠠᠮ ᠤᠨ ᠤᠨᠤᠯᠭ᠎ᠠ | ᠠᠴᠢᠯᠭ᠎ᠠ᠂ ᠠᠶᠠᠨ ᠲᠡᠭᠡᠭᠡᠪᠦᠷᠢ ᠳᠤ ᠶᠠᠳᠠᠷᠠᠭ᠎ᠠ ᠪᠠᠭ᠎ᠠ᠂ ᠳᠠᠭᠠᠭᠠᠴᠠ ᠲᠡᠰᠪᠦᠷᠢᠲᠡᠢ ᠶᠠᠪᠤᠳᠠᠯ ᠪᠤᠯᠬᠤ ᠶᠤᠮ᠃ ᠠᠯᠬᠤᠬᠤ ᠶᠠᠪᠤᠳᠠᠯ ᠳᠤ ᠬᠠᠷ᠎ᠠ ᠠᠯᠬᠤᠭ᠎ᠠ᠂ ᠬᠠᠲᠠᠭᠤ | ᠠᠯᠬᠤᠭ᠎ᠠ ︵ᠰᠢᠷᠦᠭᠦᠨ ᠠᠯᠬᠤᠭ᠎ᠠ︶᠂ ᠵᠥᠭᠡᠯᠡᠨ ᠠᠯᠬᠤᠭ᠎ᠠ᠂ ᠲᠦᠬᠦᠴᠠ ᠲᠠᠢ ᠠᠯᠬᠤᠭ᠎ᠠ ᠵᠡᠷᠭᠡ ᠤᠯᠠᠨ ᠵᠦᠢᠯ ᠤᠨ ᠠᠯᠬᠤᠭ᠎ᠠ ᠪᠣᠢ᠃ ᠡᠭᠦᠨ ᠤ ᠳᠣᠲᠣᠷ᠎ᠠ ᠠᠴᠠ | ᠬᠠᠲᠠᠭᠤ ᠠᠯᠬᠤᠭ᠎ᠠ ᠶᠢ ᠭᠠᠷᠭᠠᠪᠠᠯ ᠪᠤᠰᠤᠳ ᠠᠯᠬᠤᠭ᠎ᠠ ᠨᠢ ᠤᠨᠤᠯᠭ᠎ᠠ ᠳᠤ ᠴᠥᠮ ᠡᠪᠯᠢᠭ ᠵᠥᠭᠡᠯᠡᠨ᠃ ᠡᠶᠢᠮᠦ ᠠᠴᠠ ᠬᠥᠮᠥᠰ ︽ᠠᠯᠬᠤᠭ᠎ᠠ ᠰᠠᠶᠢᠲᠠᠢ ᠠᠳᠠ ᠪᠠᠨ | ᠤᠨᠤᠵᠤ᠂ ᠠᠯᠤᠰ ᠤᠨ ᠵᠠᠮ ᠢ ᠲᠤᠭᠤᠯᠵᠤ ᠶᠠᠪᠤᠬᠤ ᠰᠠᠶᠢᠬᠠᠨ︾ ᠭᠡᠵᠦ ᠶᠠᠷᠢᠳᠠᠭ᠃ | ᠬᠠᠷ᠎ᠠ ᠠᠯᠬᠤᠭ᠎ᠠ᠄ ᠠᠯᠬᠤᠬᠤ ᠶᠠᠪᠤᠳᠠᠯ ᠤᠨ ᠬᠠᠮᠤᠭ ᠬᠤᠷᠳᠤᠨ ᠶᠠᠪᠤᠳᠠᠯ᠃ ᠬᠠᠷ᠎ᠠ ᠠᠯᠬᠤᠭ᠎ᠠ ᠨᠢ ᠭᠠᠵᠠᠷ ᠬᠤᠷᠣᠭᠠᠬᠤ ᠪᠠᠷ ᠰᠠᠶᠢᠨ ᠪᠥᠭᠡᠳ ᠣᠨᠣᠭᠰᠠᠨ | ᠬᠥᠮᠥᠨ ᠪᠠ ᠤᠨᠤᠯᠭ᠎ᠠ ᠶᠢᠨ ᠲᠡᠮᠡᠭᠡ ᠵᠤᠪᠠᠭᠤ ᠦᠭᠡᠢ ᠬᠠᠮᠤᠭ ᠰᠠᠶᠢᠨ ᠶᠠᠪᠤᠳᠠᠯ ᠪᠤᠯᠬᠤ ᠶᠤᠮ᠃ ᠬᠠᠷ᠎ᠠ ᠠᠯᠬᠤᠭ᠎ᠠ ᠳᠤ ᠬᠦᠵᠦᠭᠦᠦ ᠲᠠᠯᠪᠢᠵᠤ ᠰᠢᠯᠢ ᠬᠠᠶᠠᠯᠠᠬᠤ᠂ | ᠴᠡᠭᠡᠵᠢ ᠵᠠᠶᠢᠮᠤᠵᠤ ᠬᠤᠯᠨ ᠲᠠᠲᠠᠬᠤ ᠵᠡᠷᠭᠡ ᠲᠦᠬᠦᠴᠠ ᠲᠠᠢ ᠳᠡᠭᠡᠷ᠎ᠡ ᠪᠠᠨ ᠰᠠᠶᠢᠬᠠᠨ ᠶᠠᠪᠤᠳᠠᠯ ᠤᠳ ᠪᠣᠢ᠃ | ᠬᠠᠲᠠᠭᠤ ᠠᠯᠬᠤᠭ᠎ᠠ᠄ ᠬᠤᠷᠳᠤᠴᠠ ᠪᠠ ᠭᠡᠯᠪᠠᠷᠢ ᠨᠢ ᠬᠠᠷ᠎ᠠ ᠠᠯᠬᠤᠭ᠎ᠠ ᠲᠠᠢ ᠨᠡᠯᠢᠶᠡᠳ ᠠᠳᠠᠯᠢᠪᠲᠤᠷ ᠪᠤᠯᠪᠠᠴᠤ ᠤᠨᠤᠯᠭ᠎ᠠ ᠠᠴᠢᠯᠭ᠎ᠠ ᠳᠤ ᠡᠪ ᠦᠭᠡᠢ᠂ | ᠵᠠᠩᠭᠤᠷᠭ᠎ᠠ ᠶᠡᠬᠡᠲᠡᠢ᠃ ᠡᠭᠦᠨ ᠢ ᠪᠠᠰᠠ ᠬᠠᠲᠠᠭᠤ ᠶᠠᠪᠤᠳᠠᠯ ᠪᠤᠶᠤ ᠲᠦᠩᠰᠢᠶᠡ ᠠᠯᠬᠤᠭ᠎ᠠ ᠭᠡᠵᠦ ᠬᠡᠯᠡᠳᠡᠭ᠃ ᠪᠦᠭᠡᠬᠦ᠄ ᠠᠯᠬᠤᠭ᠎ᠠ ᠠᠴᠠ ᠲᠦᠷᠭᠡᠨ᠂ ᠱᠣᠭᠰᠢᠶ᠎ᠠ ᠠᠴᠠ | ᠤᠳᠠᠭᠠᠨ ᠶᠠᠪᠤᠳᠠᠯ᠃ ᠡᠨᠡ ᠶᠠᠪᠤᠳᠠᠯ ᠨᠢ ᠲᠠᠤᠯᠠᠢ ᠶᠢᠨ ᠪᠦᠭᠡᠭᠡ ᠲᠠᠢ ᠠᠳᠠᠯᠢᠪᠲᠤᠷ ᠪᠥᠭᠡᠳ ᠱᠣᠭᠰᠢᠶ᠎ᠠ ᠶᠢ ᠪᠤᠳᠤᠪᠠᠯ ᠵᠥᠭᠡᠯᠡᠨ ᠨᠠᠮᠤᠭᠤᠨ᠃ | ᠪᠦᠭᠡᠬᠦ ᠨᠢ ᠣᠨᠣᠭᠰᠠᠨ ᠬᠥᠮᠥᠨ ᠤ ᠪᠡᠶ᠎ᠡ ᠳᠤ ᠡᠪᠲᠡᠢ ᠪᠥᠭᠡᠳ ᠲᠦᠬᠦᠴᠠ ᠰᠠᠶᠢᠲᠠᠢ᠃ ᠪᠦᠭᠡᠬᠦ ᠳᠤ ᠵᠥᠭᠡᠯᠡᠨ ᠪᠦᠭᠡᠭᠡ᠂ ᠰᠢᠷᠦᠭᠦᠨ ᠪᠦᠭᠡᠭᠡ ᠭᠡᠵᠦ ᠪᠤᠢ᠃ | ᠵᠥᠭᠡᠯᠡᠨ ᠪᠦᠭᠡᠭᠡ ᠪᠣᠯ ᠶᠡᠷᠦ ᠶᠢᠨ ᠪᠦᠭᠡᠭᠡ ᠠᠴᠠ ᠪᠠᠭ᠎ᠠ ᠯᠠ ᠵᠥᠭᠡᠯᠡᠨ ᠪᠥᠭᠡᠳ ᠤᠳᠠᠭᠠᠨ ᠰᠢᠭ᠋ ᠪᠦᠭᠡᠬᠦ ᠶᠢ ᠬᠡᠯᠡᠳᠡᠭ᠃ ᠰᠢᠷᠦᠭᠦᠨ ᠪᠦᠭᠡᠭᠡ ᠪᠣᠯ ᠶᠡᠷᠦ ᠶᠢᠨ | ᠪᠦᠭᠡᠭᠡ ᠠᠴᠠ ᠲᠦᠷᠭᠡᠨ ᠪᠥᠭᠡᠳ ᠬᠠᠲᠠᠭᠤ᠂ ᠪᠦᠭᠡᠭᠡ ᠱᠣᠭᠰᠢᠶ᠎ᠠ ᠬᠤᠯᠢᠯᠳᠤᠭᠤᠯᠤᠨ ᠶᠠᠪᠤᠬᠤ ᠶᠢ ᠬᠡᠯᠡᠳᠡᠭ᠃ ᠲᠤᠰ ᠶᠠᠪᠤᠳᠠᠯ ᠢᠶᠠᠷ ᠶᠠᠪᠤᠬᠤ ᠳᠤ ᠲᠡᠮᠡᠭᠡᠨ ᠤ ᠰᠢᠯᠢ | ᠵᠣᠭᠳᠣᠷ ᠨᠢ ᠪᠦᠷ ᠰᠡᠭᠰᠡᠯᠵᠡᠲᠡᠯᠡ ᠬᠦᠳᠠᠯᠳᠡᠭ ᠪᠣᠯᠬᠤᠷ ᠰᠡᠭᠡᠭᠦᠯᠦᠨᠡ᠂ ᠰᠡᠪᠢᠯᠵᠡᠭᠦᠯᠦᠨᠡ ᠭᠡᠬᠦ ᠮᠡᠲᠦ ᠪᠠᠷ ᠬᠡᠯᠡᠬᠦ ᠴᠤ ᠪᠤᠢ᠃ | |