ᠵᠠᠰᠠᠯ ᠵᠢᠮᠰᠡᠭ ᠨᠢ ᠰᠢᠳᠢᠲᠦ ᠤᠪᠠᠳᠢᠰ ᠲᠠᠢ ᠪᠠᠶᠢᠳᠠᠭ ᠢᠶᠠᠷ ᠢᠶᠠᠨ ᠡᠮᠡᠭᠲᠡᠶᠢᠴᠦᠳ ᠤᠨ ᠳᠤᠷ᠎ᠠ ᠰᠡᠳᠬᠢᠯ ᠢ ᠭᠡᠵᠢᠭᠡᠳᠡᠨ ᠲᠠᠲᠠᠵᠤ ᠪᠠᠶᠢᠳᠠᠭ ᠠᠵᠢ᠃ ᠠᠯᠢ | ᠡᠷᠲᠡ ᠴᠢᠯᠠᠭᠤᠨ ᠵᠡᠪᠰᠡᠭ ᠤᠨ ᠦᠶ᠎ᠡ ᠳᠤ᠂ ᠡᠮᠡᠭᠲᠡᠶᠢᠴᠦᠳ ᠳᠠᠷᠤᠢ ᠭᠤᠶᠣ ᠰᠠᠶᠢᠬᠠᠨ ᠴᠢᠯᠠᠭᠤᠳ ᠢ ᠬᠡᠯᠬᠢᠭᠡᠳ ᠬᠦᠵᠦᠭᠦᠨ ᠳᠡᠭᠡᠨ ᠵᠡᠭᠦᠵᠦ ᠥᠪᠡᠷ ᠢ ᠪᠠᠨ | ᠭᠤᠶᠣᠯᠠᠨ ᠴᠢᠮᠡᠵᠦ ᠪᠠᠶᠢᠵᠠᠢ᠃ ᠮᠢᠨᠤ ᠡᠵᠡᠨ ᠪᠣᠯ ᠪᠠᠷᠠᠭᠤᠨ ᠬᠠᠨ ᠤᠯᠤᠰ ᠤᠨ ᠦᠶ᠎ᠡ ᠶᠢᠨ ᠾᠦᠩᠨᠦ ᠶᠢᠨ ᠡᠷᠬᠢᠮᠰᠦᠭ ᠢᠵᠠᠭᠤᠷᠲᠠᠨ ᠬᠠᠲᠤᠨ᠂ ᠲᠡᠷᠡ ᠪᠠᠷ ᠴᠣᠬᠤᠮ | ᠬᠡᠳᠦᠢ ᠤᠯᠠᠨ ᠵᠠᠰᠠᠯ ᠵᠢᠮᠰᠡᠭ ᠲᠠᠢ ᠪᠠᠶᠢᠭᠰᠠᠨ ᠢ ᠪᠤᠤ ᠮᠡᠳᠡ᠂ ᠪᠤᠳᠤᠬᠤ ᠳᠤ ᠲᠡᠷᠡ ᠥᠪᠡᠷ ᠢᠶᠠᠨ ᠴᠤ ᠲᠣᠳᠣᠷᠬᠠᠢ ᠮᠡᠳᠡᠬᠦ ᠦᠭᠡᠢ ᠪᠠᠶᠢᠬ᠎ᠠ ᠠ᠋᠂ ᠭᠡᠪᠡᠴᠦ ᠪᠢ ᠪᠣᠯ | ᠲᠡᠭᠦᠨ ᠤ ᠬᠠᠮᠤᠭ ᠠᠴᠠ ᠬᠠᠶᠢᠷᠠᠲᠠᠢ ᠭᠡᠳᠡᠭ ᠨᠢ ᠰᠡᠵᠢᠭᠯᠡᠰᠢ ᠦᠭᠡᠢ ᠶᠤᠮᠰᠠᠨ᠃ | ᠪᠢ ᠴᠢᠨᠢ ᠲᠣᠯᠣᠭᠠᠢ ᠶᠢᠨ ᠵᠠᠰᠠᠯ᠂ ᠰᠦᠢᠬᠡ ᠪᠣᠯᠣᠨ ᠬᠦᠵᠦᠭᠦᠨ ᠤ ᠴᠢᠮᠡᠭᠯᠡᠯ ᠬᠡᠮᠡᠬᠦ ᠭᠤᠷᠪᠠᠨ ᠬᠡᠰᠡᠭ ᠢᠶᠠᠷ ᠪᠦᠷᠢᠯᠳᠦᠭᠰᠡᠨ ᠲᠤᠶᠢᠯ ᠤᠨ ᠬᠤᠪᠣᠷ ᠨᠠᠨᠳᠢᠨ | ᠠᠯᠲᠠᠨ ᠲᠢᠲᠢᠮᠯᠢᠭ ᠵᠠᠰᠠᠯ ᠶᠤᠮ ᠰᠢᠤ᠃ ᠲᠣᠯᠣᠭᠠᠢ ᠶᠢᠨ ᠵᠠᠰᠠᠯ ᠤᠨ ᠬᠡᠰᠡᠭ ᠨᠢ ᠡᠭᠦᠯᠡᠨ ᠬᠡ ᠲᠠᠢ ᠠᠯᠳᠠᠨ ᠴᠢᠮᠡᠭᠯᠡᠯ ᠤᠨ ᠢᠯᠲᠠᠰᠤ᠂ ᠠᠯᠳᠠᠨ ᠡᠮᠵᠢᠶᠡᠷᠢ | ᠰᠢᠭᠢᠳᠬᠡᠭᠰᠡᠨ ᠬᠢᠰᠤᠭᠠᠨ ᠴᠢᠮᠡᠭᠯᠡᠯ᠂ ᠳᠥᠷᠪᠡᠯᠵᠢᠨ ᠬᠡᠯᠪᠡᠷᠢᠲᠦ ᠬᠡᠯᠬᠢᠶ᠎ᠡ ᠠᠯᠳᠠᠨ ᠵᠠᠰᠠᠯ ᠵᠡᠷᠭᠡ ᠪᠠᠷ ᠪᠦᠷᠢᠯᠳᠦᠵᠠᠢ; ᠴᠢᠬᠢᠨ ᠤ ᠰᠦᠢᠬᠡ ᠠᠯᠳᠠᠨ ᠡᠭᠡᠮᠦᠭ᠂ ᠪᠤᠭᠤ | ᠶᠢᠨ ᠡᠷᠢᠶ᠎ᠡ ᠲᠠᠢ ᠠᠯᠳᠠᠨ ᠵᠡᠭᠦᠯᠲᠡ ᠴᠢᠮᠡᠭ᠂ ᠳᠥᠷᠪᠡᠯᠵᠢᠨ ᠬᠡᠯᠪᠡᠷᠢᠲᠦ ᠠᠯᠳᠠᠨ ᠬᠡᠯᠬᠢᠶ᠎ᠡ ᠴᠢᠮᠡᠭ᠂ ᠯᠤᠤ ᠶᠢᠨ ᠡᠷᠢᠶ᠎ᠡ ᠲᠠᠢ ᠠᠯᠳᠠ ᠰᠢᠭᠢᠳᠬᠡᠭᠰᠡᠨ ᠬᠠᠰ ᠵᠡᠭᠦᠯᠲᠡ | ᠵᠡᠷᠭᠡ ᠪᠠᠷ ᠪᠦᠷᠢᠯᠳᠦᠵᠦ᠂ ᠬᠦᠵᠦᠭᠦᠨ ᠬᠡᠰᠡᠭ ᠤᠨ ᠴᠢᠮᠡᠭᠯᠡᠯ ᠪᠣᠯᠣᠷ ᠮᠥᠬᠦᠯᠢᠭ᠂ ᠮᠠᠨᠤ ᠮᠥᠬᠦᠯᠢᠭ᠂ ᠰᠢᠯᠦᠷᠬᠡᠭ ᠮᠥᠬᠦᠯᠢᠭ ᠪᠣᠯᠣᠨ ᠬᠤᠪᠠ ᠶᠢᠨ ᠮᠥᠬᠦᠯᠢᠭ ᠢᠶᠠᠷ | ᠪᠦᠷᠢᠯᠳᠦᠵᠡᠢ᠃ | ᠲᠣᠯᠣᠭᠠᠢ ᠶᠢᠨ ᠵᠠᠰᠠᠯ ᠤᠨ ᠭᠤᠣᠯ ᠴᠣᠭᠴᠠ ᠨᠢ ᠲᠣᠨᠣᠯᠵᠢᠨ ᠬᠡᠯᠪᠡᠷᠢᠲᠦ ᠡᠪᠬᠡᠮᠡᠯ ᠡᠭᠦᠯᠡᠨ ᠬᠡ ᠤᠭᠠᠯᠵᠠ ᠪᠦᠬᠦᠢ ᠠᠯᠲᠠᠨ ᠴᠢᠮᠡᠭᠯᠡᠯ ᠤᠨ ᠢᠯᠲᠠᠰᠤ᠂ | ᠰᠡᠷᠡᠭᠡ ᠬᠡᠯᠪᠡᠷᠢᠲᠦ ᠡᠪᠬᠡᠮᠡᠯ ᠡᠭᠦᠯᠡᠨ ᠬᠡ ᠤᠭᠠᠯᠵᠠ ᠪᠦᠬᠦᠢ ᠠᠯᠲᠠᠨ ᠴᠢᠮᠡᠭᠯᠡᠯ ᠤᠨ ᠢᠯᠲᠠᠰᠤ ᠪᠣᠯᠣᠨ ᠵᠤᠤᠪᠠᠩ ᠬᠡᠯᠪᠡᠷᠢᠲᠦ᠂ ᠵᠠᠯᠭᠠᠯᠳᠤᠭᠰᠠᠨ ᠲᠣᠨᠣᠯᠵᠢᠨ | ᠬᠡᠯᠪᠡᠷᠢᠲᠦ ᠠᠯᠳᠠᠨ ᠡᠮᠵᠢᠶᠡᠷᠢ ᠰᠢᠭᠢᠳᠬᠡᠭᠰᠡᠨ ᠬᠢᠰᠤᠭᠠᠨ ᠴᠢᠮᠡᠭᠯᠡᠯ ᠢᠶᠠᠷ ᠪᠦᠷᠢᠯᠳᠦᠵᠦ᠂ ᠳᠣᠣᠷᠠᠳᠤ ᠬᠡᠰᠡᠭ ᠢᠶᠠᠷ ᠨᠢ ᠤᠷᠲᠤᠯᠵᠢᠨ ᠬᠡᠯᠪᠡᠷᠢᠲᠦ ᠡᠪᠬᠡᠮᠡᠯ ᠡᠭᠦᠯᠡᠨ ᠬᠡ | ᠤᠭᠠᠯᠵᠠ ᠪᠦᠬᠦᠢ ᠠᠯᠳᠠᠨ ᠴᠢᠮᠡᠭᠯᠡᠯ ᠤᠨ ᠢᠯᠲᠠᠰᠤ ᠬᠦᠷᠢᠶᠡᠯᠡᠨ᠂ ᠥᠩᠭᠡ ᠭᠢᠯᠪᠠᠭ᠎ᠠ ᠨᠢ ᠭᠡᠭᠡᠨ ᠰᠣᠷᠭᠤᠭ᠂ ᠡᠷᠬᠢᠮᠰᠦᠭ ᠬᠡᠭᠡᠨᠴᠢᠷ ᠭᠤᠸᠠᠯᠢᠭ ᠰᠠᠶᠢᠬᠠᠨ ᠬᠠᠷᠠᠭᠳᠠᠨ᠎ᠠ᠃ | ᠲᠣᠯᠣᠭᠠᠢ ᠶᠢᠨ ᠵᠠᠰᠠᠯ ᠤᠨ ᠡᠭᠦᠯᠡᠨ ᠬᠡ ᠤᠭᠠᠯᠵᠠ ᠲᠠᠢ ᠠᠯᠲᠠᠨ ᠴᠢᠮᠡᠭᠯᠡᠯ ᠤᠨ ᠢᠯᠲᠠᠰᠤ ᠪᠣᠯ ᠳᠠᠷᠬᠠᠨᠴᠤᠳ ᠠᠯᠤᠬᠠᠳᠠᠵᠤ ᠳᠠᠪᠲᠠᠬᠤ ᠭᠠᠷ ᠤᠷᠠᠯᠠᠯ ᠢᠶᠠᠷ ᠨᠢᠮᠭᠡᠨ | ᠠᠯᠳᠠᠨ ᠢᠯᠲᠠᠰᠤᠨ ᠳᠡᠭᠡᠷ᠎ᠡ ᠨᠠᠷᠢᠯᠢᠭ ᠬᠢᠴᠡᠲᠡᠢ ᠡᠪᠬᠡᠮᠡᠯ ᠡᠭᠦᠯᠡᠨ ᠬᠡ ᠤᠭᠠᠯᠵᠠ ᠶᠢ ᠤᠷᠠᠯᠠᠵᠤ ᠭᠠᠷᠭᠠᠭᠰᠠᠨ ᠶᠤᠮ᠃ ᠠᠯᠤᠬᠠᠳᠠᠵᠤ ᠳᠠᠪᠲᠠᠬᠤ ᠪᠣᠯ ᠠᠯᠳᠠ | ᠮᠥᠩᠭᠦᠨ ᠡᠳ᠋ᠯᠡᠯ ᠬᠡᠷᠡᠭᠰᠡᠯ ᠢ ᠤᠷᠠᠯᠠᠵᠤ ᠪᠦᠲᠦᠭᠡᠬᠦ ᠭᠤᠣᠯ ᠤᠷ᠎ᠠ ᠮᠡᠷᠭᠡᠵᠢᠯ ᠪᠣᠯᠣᠨ᠎ᠠ᠂ ᠲᠡᠷᠡ ᠨᠢ ᠠᠯᠳᠠ ᠮᠥᠩᠭᠦ ᠶᠢᠨ ᠵᠥᠭᠡᠯᠡᠨ᠂ ᠤᠶᠠᠨ ᠰᠤᠨᠤᠮᠠᠬᠠᠢ ᠴᠢᠨᠠᠷ ᠢᠶᠠᠷ | ᠴᠢᠩᠭ᠎ᠠ ᠪᠠᠶᠢᠬᠤ ᠣᠨᠴᠠᠯᠢᠭ ᠢ ᠪᠠᠳᠠᠷᠠᠭᠤᠯᠤᠨ᠂ ᠤᠷᠢᠳ ᠢᠶᠠᠷ ᠠᠯᠤᠬ᠎ᠠ ᠪᠠᠷ ᠠᠯᠳᠠ ᠮᠥᠩᠭᠦ ᠶᠢ ᠳᠠᠪᠲᠠᠨ ᠴᠣᠬᠢᠭᠰᠠᠭᠠᠷ ᠢᠯᠲᠠᠰᠤᠨ ᠬᠠᠪᠲᠠᠭᠠᠢ ᠪᠣᠯᠭᠠᠭᠠᠳ᠂ ᠲᠠᠭᠢᠨ | ᠱᠠᠭᠠᠷᠳᠠᠯᠭ᠎ᠠ ᠶᠣᠰᠣᠭᠠᠷ ᠡᠳ᠋ᠯᠡᠯ ᠬᠡᠷᠡᠭᠰᠡᠯ ᠤᠨ ᠭᠡᠯᠪᠡᠷᠢ ᠳᠦᠷᠰᠦ ᠪᠣᠯᠣᠨ ᠬᠡ ᠤᠭᠠᠯᠵᠠ ᠶᠢ ᠳᠠᠪᠲᠠᠵᠤ ᠪᠦᠲᠦᠭᠡᠵᠦ ᠭᠠᠷᠭᠠᠳᠠᠭ᠃ ᠲᠠ ᠨᠠᠷ ᠦᠵᠡᠭᠡᠴᠢ᠂ ᠮᠢᠨᠤ ᠪᠡᠶ᠎ᠡ | ᠳᠡᠭᠡᠷᠡᠬᠢ ᠤᠷᠲᠤᠯᠵᠢᠨ ᠬᠡᠯᠪᠡᠷᠢᠲᠦ ᠠᠯᠲᠠᠨ ᠢᠯᠲᠠᠰᠤᠨ ᠵᠠᠰᠠᠯ᠂ ᠲᠣᠨᠣᠯᠵᠢᠨ ᠬᠡᠯᠪᠡᠷᠢᠲᠦ ᠠᠯᠲᠠᠨ ᠢᠯᠲᠠᠰᠤᠨ ᠵᠠᠰᠠᠯ ᠪᠣᠯᠣᠨ ᠰᠡᠷᠡᠭᠡ ᠬᠡᠯᠪᠡᠷᠢᠲᠦ ᠠᠯᠲᠠᠨ | ᠢᠯᠲᠠᠰᠤᠨ ᠵᠠᠰᠠᠯ ᠳᠡᠭᠡᠷᠡᠬᠢ ᠡᠪᠬᠡᠮᠡᠯ ᠡᠭᠦᠯᠡᠨ ᠬᠡ ᠤᠭᠠᠯᠵᠠ ᠨᠢ ᠠᠰ ᠠᠰᠲᠠᠭᠠᠨ ᠰᠢᠨᠵᠢ ᠭᠡᠯᠪᠡᠷᠢ ᠲᠠᠢ ᠪᠠᠷ ᠪᠠᠷᠠᠬᠤ ᠦᠭᠡᠢ᠂ ᠠᠯᠲᠠᠨ ᠢᠯᠲᠠᠰᠤᠨ ᠵᠠᠰᠠᠯ ᠤᠨ | ᠬᠤᠶᠠᠷ ᠦᠵᠦᠭᠦᠷ ᠪᠤᠶᠤ ᠳᠤᠮᠳᠠ ᠨᠢ ᠪᠠᠰᠠ ᠨᠦᠬᠡ ᠰᠦᠪᠡ ᠲᠠᠢ᠂ ᠡᠳᠡᠭᠡᠷ ᠨᠦᠬᠡ ᠰᠦᠪᠡ ᠶᠢᠨ ᠦᠢᠯᠡᠳᠦᠯ ᠨᠢ ᠳᠠᠷᠤᠢ ᠠᠯᠳᠠᠨ ᠢᠯᠲᠠᠰᠤᠨ ᠵᠠᠰᠠᠯ ᠢ ᠮᠢᠨᠳᠠᠰᠤ | ᠲᠣᠷᠭᠠᠨ ᠨᠡᠬᠡᠮᠡᠯ ᠪᠤᠶᠤ ᠠᠷᠠᠰᠤᠨ ᠡᠳ᠋ᠯᠡᠯ ᠬᠡᠷᠡᠭᠰᠡᠯ ᠳᠡᠭᠡᠷ᠎ᠡ ᠣᠶᠣᠵᠤ ᠲᠣᠭᠲᠠᠭᠠᠬᠤ ᠶᠢᠨ ᠲᠥᠯᠥᠭᠡ ᠶᠤᠮ᠃ ᠠᠯᠳᠠᠨ ᠡᠮᠵᠢᠶᠡᠷᠢ ᠰᠢᠭᠢᠳᠬᠡᠭᠰᠡᠨ ᠬᠢᠰᠤᠭᠠᠨ ᠵᠠᠰᠠᠯ | ᠪᠣᠯ ᠬᠢᠰᠤᠭ᠎ᠠ ᠶᠢᠨ ᠬᠠᠯᠢᠰᠤ ᠶᠢ ᠦᠷᠦᠨ ᠵᠠᠰᠠᠭᠠᠳ᠂ ᠡᠷᠢᠬᠡᠨ ᠬᠡ ᠪᠦᠬᠦᠢ ᠠᠯᠳᠠᠨ ᠡᠮᠵᠢᠶᠡᠷᠢ ᠪᠠᠷ ᠵᠤᠤᠪᠠᠩ ᠭᠡᠯᠪᠡᠷᠢ ᠲᠠᠢ᠂ ᠵᠠᠯᠭᠠᠯᠳᠤᠭᠰᠠᠨ ᠲᠣᠨᠣᠯᠵᠢᠨ | ᠭᠡᠯᠪᠡᠷᠢ ᠲᠠᠢ ᠭᠦᠪᠡᠭᠡ ᠶᠢ ᠨᠢ ᠪᠣᠭᠤᠵᠤ ᠰᠢᠭᠢᠳᠬᠡᠭᠰᠡᠨ ᠠᠴᠠ ᠨᠠᠷᠢᠯᠢᠭ ᠡᠪᠯᠢᠭ ᠠᠮᠢᠳᠤᠯᠢᠭ ᠰᠠᠶᠢᠬᠠᠨ ᠬᠠᠷᠠᠭᠳᠠᠨ᠎ᠠ᠃ ᠠᠯᠲᠠᠨ ᠢᠯᠲᠠᠰᠤᠨ ᠵᠠᠰᠠᠯ ᠤᠨ ᠬᠤᠶᠠᠷ | ᠦᠵᠦᠭᠦᠷ ᠪᠤᠶᠤ ᠳᠤᠮᠳᠠᠬᠢ ᠨᠦᠬᠡ ᠰᠦᠪᠡ ᠶᠢ ᠵᠦᠪᠭᠡᠨ ᠳᠤᠰ ᠪᠡᠶ᠎ᠡ ᠠᠴᠠ ᠨᠢ ᠨᠡᠩ ᠬᠠᠲᠠᠭᠤ ᠪᠠᠬᠢ ᠪᠠᠭᠠᠵᠢ ᠬᠡᠷᠡᠭᠯᠡᠭᠦᠷ ᠢᠶᠠᠷ ᠰᠠᠶ᠋ᠢ ᠥᠷᠥᠮᠳᠡᠨ ᠴᠤᠭᠤᠯᠵᠤ | ᠴᠢᠳᠠᠨ᠎ᠠ᠃ ᠡᠭᠦᠨ ᠠᠴᠠ ᠦᠵᠡᠬᠦ ᠳᠤ᠂ ᠪᠢᠳᠡᠨ ᠤ ᠲᠡᠷᠡ ᠴᠠᠭ ᠦᠶ᠎ᠡ ᠨᠢᠭᠡᠨᠲᠡ ᠵᠣᠬᠢᠬᠤ ᠬᠡᠮᠵᠢᠶᠡᠨ ᠤ ᠲᠡᠮᠦᠷᠯᠢᠭ ᠦᠢᠯᠡᠳᠬᠦ ᠮᠡᠷᠭᠡᠵᠢᠯ ᠤᠨ ᠬᠢᠷᠢ ᠲᠦᠪᠰᠢᠨ ᠲᠠᠢ | ᠪᠣᠯᠤᠭᠰᠠᠨ ᠪᠠᠶᠢᠨ᠎ᠠ᠃ | ᠴᠢᠬᠢᠨ ᠤ ᠵᠢᠮᠰᠡᠭ ᠨᠢ ᠠᠯᠳᠠᠨ ᠡᠭᠡᠮᠦᠭ᠂ ᠪᠤᠭᠤ ᠶᠢᠨ ᠬᠡ ᠤᠭᠠᠯᠵᠠ ᠲᠠᠢ ᠤᠷᠲᠤᠯᠵᠢᠨ ᠬᠡᠯᠪᠡᠷᠢᠲᠦ ᠠᠯᠳᠠᠨ ᠴᠢᠮᠡᠭᠯᠡᠯ ᠤᠨ ᠫᠠᠶᠢᠰᠠ᠂ ᠠᠯᠳᠠ ᠪᠠᠷ ᠰᠢᠷᠠᠵᠤ | ᠪᠣᠭᠤᠭᠰᠠᠨ ᠴᠣᠭᠤᠯᠪᠤᠷᠢᠯᠠᠵᠤ ᠰᠡᠶᠢᠯᠦᠭᠰᠡᠨ ᠬᠠᠰ ᠵᠡᠭᠦᠯᠲᠡ ᠪᠣᠯᠣᠨ ᠳᠥᠷᠪᠡᠯᠵᠢᠨ ᠬᠡᠯᠪᠡᠷᠢᠲᠦ ᠬᠢᠰᠤᠭ᠎ᠠ ᠰᠢᠭᠢᠳᠬᠡᠭᠰᠡᠨ ᠬᠡᠯᠬᠢᠶ᠎ᠡ ᠠᠯᠳᠠᠨ ᠵᠠᠰᠠᠯ ᠢᠶᠠᠷ | ᠪᠦᠷᠢᠯᠳᠦᠵᠠᠢ; ᠬᠦᠵᠦᠭᠦᠨ ᠤ ᠴᠢᠮᠡᠭᠯᠡᠯ ᠢ ᠪᠣᠯᠣᠷ ᠮᠥᠬᠦᠯᠢᠭ᠂ ᠮᠠᠨᠤ ᠶᠢᠨ ᠮᠥᠬᠦᠯᠢᠭ᠂ ᠰᠢᠯᠦᠷᠬᠡᠭ ᠮᠥᠬᠦᠯᠢᠭ ᠪᠣᠯᠣᠨ ᠬᠤᠪᠠ ᠶᠢᠨ ᠮᠥᠬᠦᠯᠢᠭ ᠢᠶᠠᠷ ᠬᠡᠯᠬᠢᠨ | ᠪᠦᠲᠦᠭᠡᠵᠡᠢ᠃ | ᠬᠡᠷᠪᠡ ᠠᠯᠲᠠᠨ ᠲᠣᠯᠣᠭᠠᠢ ᠶᠢᠨ ᠵᠠᠰᠠᠯ᠂ ᠴᠢᠬᠢᠨ ᠤ ᠵᠢᠮᠰᠡᠭ ᠪᠣᠯᠣᠨ ᠡᠷᠳᠡᠨᠢ ᠶᠢᠨ ᠴᠢᠯᠠᠭᠤᠨ ᠬᠦᠵᠦᠭᠦᠨ ᠤ ᠴᠢᠮᠡᠭᠯᠡᠯ ᠨᠢ ᠬᠠᠷᠢᠯᠴᠠᠨ ᠡᠪᠯᠢᠭᠬᠡᠨ | ᠵᠣᠬᠢᠴᠠᠯᠳᠤᠵᠤ᠂ ᠡᠵᠡᠨ ᠤ ᠮᠢᠨᠢ ᠲᠠᠩᠰᠤᠭ ᠪᠠᠶᠠᠨ ᠮᠥᠷᠲᠡᠭᠡᠨ ᠰᠣᠳᠣᠨ ᠴᠣᠭᠯᠢᠭ ᠠᠮᠢᠳᠤᠷᠠᠯ ᠢ ᠬᠠᠷᠠᠭᠤᠯᠤᠭᠰᠠᠨ ᠪᠣᠯ ᠮᠢᠨᠤ ᠮᠠᠲ᠋ᠧᠷᠢᠶᠠᠯ ᠢ ᠴᠢᠨᠠᠷ᠂ ᠬᠡ ᠤᠭᠠᠯᠵᠠ᠂ | ᠬᠡᠪ ᠨᠠᠮᠪᠠ ᠨᠢ ᠡᠵᠡᠨ ᠤ ᠮᠢᠨᠢ ᠣᠯᠠᠨ ᠵᠦᠢᠯ ᠤᠨ ᠰᠣᠶᠣᠯ ᠢ ᠦᠵᠡᠵᠦ ᠲᠤᠭᠤᠯᠤᠬᠰᠠᠨ ᠣᠮᠤᠭ ᠵᠢᠪᠬᠤᠭ᠎ᠠ ᠶᠢ ᠨᠢ ᠲᠤᠰᠬᠠᠭᠰᠠᠨ ᠭᠡᠯᠲᠡᠢ᠃ ᠮᠢᠨᠤ ᠡᠵᠡᠨ ᠪᠣᠯ | ᠾᠦᠩᠨᠦ ᠶᠢᠨ ᠢᠵᠠᠭᠤᠷᠲᠠᠨ᠂ ᠳᠤᠮᠳᠠᠳᠤ ᠣᠷᠣᠨ ᠤ ᠰᠣᠶᠣᠯ ᠤᠨ ᠨᠥᠯᠥᠭᠡᠯᠡᠯ ᠭᠥᠷᠳᠡᠭᠰᠡᠨ ᠪᠣᠯᠬᠤᠷ ᠲᠣᠯᠣᠭᠠᠢ ᠶᠢᠨ ᠵᠠᠰᠠᠯ ᠪᠣᠯᠣᠨ ᠴᠢᠬᠢᠨ ᠤ ᠵᠢᠮᠰᠡᠭ ᠨᠢ | ᠳᠤᠮᠳᠠᠳᠤ ᠣᠷᠣᠨ ᠤ ᠰᠣᠶᠣᠯ ᠤᠨ ᠣᠨᠴᠠᠯᠢᠭ ᠲᠠᠢ ᠪᠠᠶᠢᠵᠤ᠂ ᠪᠠᠰᠠ ᠨᠡᠭᠦᠳᠡᠯ ᠮᠠᠯᠵᠢᠯ ᠤᠨ ᠰᠣᠶᠣᠯ ᠢ ᠬᠠᠷᠠᠭᠤᠯᠤᠭᠰᠠᠨ ᠬᠡ ᠤᠭᠠᠯᠵᠠ ᠲᠠᠢ; ᠴᠢᠬᠢᠨ ᠤ ᠵᠢᠮᠰᠡᠭ | ᠳᠡᠭᠡᠷᠡᠬᠢ ᠬᠢᠰᠤᠭ᠎ᠠ᠂ ᠣᠭ᠍ᠶᠤ ᠰᠢᠭᠢᠳᠬᠡᠬᠦ᠂ ᠠᠯᠳᠠᠨ ᠡᠮᠵᠢᠶᠡᠷᠢ ᠪᠣᠭᠤᠬᠤ ᠵᠢᠴᠢ ᠭᠦᠪᠡᠭᠡ ᠳᠠᠭᠠᠤ ᠬᠢ ᠡᠷᠢᠬᠡᠨ ᠬᠡ ᠶᠢᠨ ᠭᠠᠷ ᠤᠷᠠᠯᠠᠯ ᠪᠣᠯ ᠫᠧᠷᠰ ᠪᠣᠯᠣᠨ ᠡᠷᠲᠡᠨ ᠤ | ᠭᠷᠧᠭ᠂ ᠷᠣᠮᠠ ᠵᠡᠷᠭᠡ ᠥᠷᠥᠨᠡᠳᠠᠬᠢᠨ ᠤ ᠤᠯᠤᠰ ᠤᠨ ᠬᠡᠪ ᠨᠠᠮᠪᠠ ᠪᠤᠯᠤᠨ᠎ᠠ;ᠭᠦᠵᠦᠭᠦᠨ ᠴᠢᠮᠡᠭᠯᠡᠯ ᠤᠨ ᠰᠢᠯᠦᠷᠬᠡᠭ ᠪᠣᠯᠣᠷ ᠮᠥᠬᠦᠯᠢᠭ᠂ ᠬᠤᠪᠠ ᠶᠢᠨ ᠮᠥᠬᠦᠯᠢᠭ ᠨᠢ | ᠳᠤᠮᠳᠠᠳᠤ ᠠᠽᠢᠶ᠎ᠠ ᠶᠢᠨ ᠭᠠᠵᠠᠷ ᠣᠷᠣᠨ ᠠᠴᠠ ᠭᠠᠷᠳᠠᠭ᠃ ᠨᠢᠭᠡ ᠢᠵᠢ ᠵᠠᠰᠠᠯ ᠵᠢᠮᠰᠡᠭ ᠪᠣᠯᠤᠭᠰᠠᠨ ᠤ ᠬᠤᠪᠢ ᠳᠤ᠂ ᠮᠢᠨᠤ ᠪᠡᠶ᠎ᠡ ᠳᠡᠭᠡᠷ᠎ᠡ ᠳᠤᠮᠳᠠᠳᠤ ᠣᠷᠣᠨ ᠪᠣᠯᠣᠨ | ᠤᠮᠠᠷᠠᠲᠤ ᠶᠢᠨ ᠨᠡᠭᠦᠳᠡᠯᠴᠢᠨ ᠠᠶᠢᠮᠠᠭ ᠤᠭᠰᠠᠭᠠᠲᠠᠨ ᠵᠢᠴᠢ ᠪᠦᠭᠦ᠋ᠢᠯᠡ ᠠᠽᠢᠶ᠎ᠠ ᠡᠸᠦ᠋ᠷᠦᠫᠡ ᠶᠢᠨ ᠲᠠᠯ᠎ᠠ ᠨᠤᠲᠤᠭ ᠲᠠᠬᠢ ᠳᠣᠷᠣᠨᠠᠲᠤ ᠥᠷᠥᠨᠡᠲᠦ ᠶᠢᠨ ᠰᠣᠶᠣᠯ | ᠪᠣᠯᠣᠨ ᠤᠷᠠᠯᠠᠯ ᠮᠡᠷᠭᠡᠵᠢᠯ ᠤᠨ ᠣᠭᠢ ᠰᠣᠳᠣ ᠲᠥᠪᠯᠡᠷᠡᠭᠰᠡᠨ ᠶᠤᠮ᠃ |