ᠥᠴᠥᠭᠡᠳᠦᠷ - ᠦᠨᠡᠨᠳᠡᠭᠡᠨ ᠥᠨᠥᠳᠥᠷ ᠪᠠᠶᠢᠭᠰᠠᠨ᠂ ᠮᠠᠷᠭᠠᠰᠢ ᠴᠦ ᠪᠠᠶᠢᠭᠰᠠᠨ᠂ ᠥᠩᠭᠡᠷᠡᠭᠡᠳ ᠥᠴᠥᠭᠡᠳᠦᠷ ᠪᠣᠯᠴᠢᠬᠠᠭᠰᠠᠨ᠃ ᠴᠠᠭ ᠤᠨ ᠮᠡᠷᠡᠯᠲᠡ ᠶᠢ | ᠶᠠᠭᠤ ᠴᠦ ᠳᠠᠭᠠᠭᠠᠵᠤ ᠳᠡᠶᠢᠯᠳᠡᠭ ᠦᠭᠡᠢ ᠪᠣᠯᠬᠤᠷ ᠥᠴᠥᠭᠡᠳᠦᠷ᠂ ᠥᠨᠥᠳᠥᠷ᠂ ᠮᠠᠷᠭᠠᠰᠢ;ᠡᠪᠦᠯ᠂ ᠵᠤᠨ᠂ ᠨᠠᠮᠤᠷ᠂ ᠬᠠᠪᠤᠷ;ᠤᠨ ᠵᠢᠯ᠂ ᠲᠡᠦᠬᠡ ᠢᠷᠡᠭᠡᠳᠦᠢ ᠭᠡᠵᠦ | ᠣᠷᠴᠢᠭᠰᠠᠭᠠᠷ ᠪᠠᠶᠢᠨᠠᠮ᠃ | ᠤᠯᠠᠨ ᠤᠯᠠᠨ ᠡᠳᠦᠷ ᠤᠳ ᠥᠩᠭᠡᠷᠡᠭᠡᠳ ᠯᠡ ᠪᠦᠷ ᠲᠡ᠊ - ᠷᠡ ᠬᠤᠯᠠ ᠪᠠᠷ᠎ᠠ ᠲᠠᠰᠦ᠃ ᠬᠠᠷᠢᠨ ᠡᠨᠡ ᠡᠳᠦᠷ ᠮᠠᠷᠭᠠᠰᠢ ᠲᠠᠭᠢᠨ ᠳᠠᠪᠲᠠᠭᠳᠠᠵᠤ᠂ ᠳᠠᠭᠢᠨ | ᠳᠠᠪᠲᠠᠭᠳᠠᠬᠤ ᠳᠠᠭᠠᠨ ᠰᠢᠨ᠎ᠡ ᠪᠠᠷ ᠡᠬᠢᠯᠡᠭᠡᠳ ᠬᠠᠭᠤᠴᠢᠷᠠᠵᠤ ᠬᠤᠯᠠᠳᠠᠨ᠎ᠠ᠃ ᠭᠡᠬᠦ ᠳᠡᠭᠡᠨ ᠴᠠᠭ ᠬᠤᠭᠤᠴᠠᠭ᠎ᠠ ᠡᠨᠡ ᠪᠦᠭᠦ ᠵᠦᠢᠯ ᠢ ᠬᠠᠷᠠᠭᠰᠠᠨ ᠡᠰᠡ ᠬᠠᠷᠠᠭᠰᠠᠨ | ᠮᠡᠲᠦ ᠥᠪᠡᠷ ᠤᠨ ᠬᠢ ᠲᠡᠷᠡ ᠬᠡᠪ ᠢᠶᠠᠷ ᠢᠶᠠᠨ ᠲᠠᠶᠢᠪᠤᠭᠤᠬᠠᠨ ᠵᠣᠭᠰᠣᠨ᠎ᠠ ᠪᠢᠯᠡ᠃ ᠪᠢ ᠰᠡᠳᠬᠢᠯ ᠤᠨ ᠬᠡᠨᠡᠭᠡ ᠲᠠᠢ ᠪᠣᠯᠣᠭᠠᠳ ᠲᠡᠷᠡ ᠪᠢᠵᠡ︕ ᠳᠠᠩᠳᠠ ᠡᠨᠡ | ᠡᠳᠦᠷ ᠤᠨ ᠥᠨᠳᠥᠷ ᠣᠷᠣᠢ ᠳᠡᠭᠡᠷ᠎ᠡ ᠵᠣᠭᠰᠣᠨ ᠡᠷᠭᠢᠵᠦ ᠬᠠᠷᠠᠭᠠᠳ ᠰᠡᠳᠬᠢᠯ ᠢᠶᠠᠨ ᠦᠢᠮᠡᠭᠦᠯᠵᠦ ᠵᠤᠬᠰᠤᠬᠤ ᠳᠤᠷᠠᠲᠠᠢ᠃ | ᠲᠡᠨᠳᠡ - ᠶᠠᠭᠤ ᠴᠦ ᠪᠣᠯᠤᠭ᠎ᠠ ᠦᠭᠡᠢ ᠮᠡᠲᠦ ᠲᠦᠷᠯᠡᠶᠢᠨ ᠵᠤᠬᠰᠤᠬᠤ ᠣᠷᠴᠢᠯᠠᠩ ᠤᠤᠯ ᠤᠨ ᠳᠦᠷᠢ ᠲᠥᠷᠬᠦ ᠪᠠᠷ ᠢᠶᠠᠨ ᠲᠠᠶᠢᠪᠤᠭᠤᠬᠠᠨ ᠭᠢᠯᠠᠯᠵᠠᠭᠠᠳ | ᠪᠠᠶᠢᠬᠤ ᠶᠢ ᠬᠠᠷᠠᠬᠤ ᠳᠤᠷᠠᠲᠠᠢ᠃ | ᠨᠡᠩ ᠴᠤ ᠡᠨᠡ ᠨᠤᠲᠤᠭ ᠤᠨ ᠮᠥᠩᠬᠡ ᠶᠢᠨ ᠦᠵᠡᠰᠭᠦᠯᠡᠩ ᠢ ᠪᠦᠲᠦᠭᠡᠭᠰᠡᠨ ᠲᠡᠷᠡ ᠠᠭᠤᠯᠠ ᠲᠣᠯᠣᠭᠠᠳ᠂ ᠲᠡᠷᠡ ᠭᠤᠪᠢ ᠲᠠᠯ᠎ᠠ᠂ ᠡᠭᠡᠯᠵᠢᠯᠡᠨ ᠪᠤᠢ | ᠲᠦᠷᠪᠡᠨ ᠤᠯᠠᠷᠢᠯ ᠥᠪᠡᠷ ᠬᠤᠭᠤᠷᠣᠨᠳᠤ ᠪᠠᠨ ᠤᠴᠢᠷᠯᠠᠨ ᠶᠠᠷᠢᠯᠴᠠᠬᠤᠢ ᠶᠢ ᠢᠮᠠᠭᠲᠠ ᠰᠤᠨᠤᠰᠬᠤ ᠳᠤᠷᠠᠲᠠᠢ᠃ | ᠲᠡᠶᠢᠮᠤ ᠠ᠋᠂ ᠲᠡᠷᠡ ᠪᠦᠬᠦᠢ ᠵᠦᠢᠯ ᠬᠥᠮᠥᠨ ᠤ ᠳᠤᠷᠠᠰᠤᠯ ᠮᠥᠷᠥᠭᠡᠳᠦᠯ ᠳᠤ ᠦᠨᠳᠦᠰᠦᠯᠡᠵᠦ᠂ ᠴᠡᠴᠡᠭᠯᠡᠭᠡᠳ᠂ ᠪᠣᠯᠪᠠᠰᠤᠷᠠᠭᠰᠠᠨ ᠤᠷᠭᠤᠭ᠎ᠠ ᠮᠣᠳᠣᠨ ᠤ | ᠦᠷ᠎ᠡ ᠵᠢᠮᠢᠰ ᠮᠡᠲᠦ ᠪᠠᠳᠠᠷᠠᠩᠭᠤᠢ ᠬᠠᠷᠠᠭᠳᠠᠳᠠᠭ ᠪᠣᠯᠬᠤᠷ ᠪᠢ ᠲᠡᠨᠳᠡ ᠤᠳᠠᠭᠠᠨ ᠵᠣᠭᠰᠣᠳᠠᠭ᠃ | ᠴᠠᠭ ᠬᠤᠭᠤᠴᠠᠭ᠎ᠠ ᠲᠡᠨᠳᠡ ᠯᠡ ᠮᠥᠩᠬᠡ ᠶᠢᠨ ᠦᠵᠡᠰᠭᠦᠯᠡᠩ ᠢ ᠪᠦᠲᠦᠭᠡᠭᠰᠡᠨ ᠪᠣᠯᠬᠤᠷ ᠮᠥᠩᠬᠡ ᠶᠢᠨ ᠲᠠᠶᠢᠪᠤᠭᠤᠨ ᠣᠨ ᠵᠢᠯ ᠦᠷᠭᠦᠯᠵᠢᠯᠡᠳᠡᠭ ᠶᠤᠮ | ᠳ᠋ᠠ᠃ ᠲᠡᠨᠳᠡ ᠠᠭᠤᠤ ᠬᠥᠮᠥᠰ ᠤᠨ ᠴᠢᠰᠤ ᠬᠥᠯᠥᠰᠦ ᠪᠠᠨ ᠤᠷᠤᠰᠬᠠᠭᠰᠠᠨ ᠠᠰᠤᠷᠤ ᠠᠭᠤᠳᠠᠮ ᠨᠤᠲᠤᠭ ᠲᠡᠭᠷᠢ ᠶᠢᠨ ᠬᠢᠵᠠᠭᠠᠷ ᠲᠤ᠂ ᠲᠡᠭᠷᠢ ᠶᠢᠨ ᠬᠢᠵᠠᠭᠠᠷ ᠤᠨ | ᠳᠠᠪᠠᠭ᠎ᠠ ᠳᠠᠪᠠᠭᠠᠨ ᠤ ᠤᠷᠭᠢᠯ ᠳᠡᠭᠡᠭᠦᠷ ᠰᠡᠪᠰᠢᠨ ᠰᠡᠪᠡᠯᠵᠡᠬᠦ ᠤᠨᠢᠶᠠᠷ ᠬᠦᠳᠡᠩ ᠤᠨ ᠳᠤᠮᠳᠠ ᠪᠠᠨ ᠥᠨᠳᠡᠯᠵᠡᠭᠡᠳ ᠁ ᠵᠡᠯᠡᠬᠡᠨ ᠰᠢᠷᠭᠠᠯ ᠴᠠᠢ ᠶᠢᠨ ᠦᠨᠦᠷ ᠵᠡᠰ | ᠳᠣᠮᠪᠤ ᠠᠴᠠ ᠨᠢ ᠬᠠᠩᠬᠤᠯᠣᠭᠠᠰᠤᠲᠠᠢ᠂ ᠨᠡᠭᠦᠳᠡᠯ᠂ ᠲᠤᠪᠤ ᠲᠣᠯᠣᠭᠠᠳ ᠤᠨ ᠨᠠᠭᠠᠭᠤᠷ ᠪᠠᠰᠠ ᠴᠠᠭᠠᠭᠤᠷ ᠵᠡᠷᠭᠡᠯᠭᠡᠨ ᠶᠤᠮᠰᠢᠭ ᠬᠠᠶᠠ ᠣᠶᠢᠷᠠᠲᠤᠨ ᠬᠠᠶᠠ ᠬᠤᠯᠠᠳᠠᠨᠠᠮ᠃ | ᠢᠰᠬᠡᠷᠬᠦ ᠬᠦᠴᠦᠲᠦ ᠰᠠᠯᠬᠢ ᠳᠤᠨᠢ ᠴᠦ ᠶᠠᠮᠠᠷ ᠨᠢᠭᠡᠨ ᠠᠶ᠎ᠠ ᠳᠠᠭᠤᠤ ᠡᠩᠬᠡ ᠲᠠᠶᠢᠪᠤᠩ ᠤᠨ ︽ᠤᠤᠬᠠᠢ︾ ᠮᠡᠲᠦ ᠭᠠᠵᠠᠷ ᠤᠨ ᠬᠥᠷᠥᠰᠥ ᠶᠢ ᠲᠤᠬᠵᠢᠭᠤᠯᠤᠨ | ᠳᠣᠷᠭᠢᠭᠤᠯᠬᠤ ᠠᠪᠠᠢ᠃ | ᠥᠴᠥᠭᠡᠳᠦᠷ ᠨᠢᠭᠡᠨᠲᠡ ᠥᠩᠭᠡᠷᠡᠭᠰᠡᠨ᠂ ᠶᠠᠮᠠᠷ ᠰᠠᠶᠢᠬᠠᠨ ᠪᠠᠶᠢᠯ᠎ᠠ ᠭᠡᠳ ᠥᠩᠭᠡᠷᠡᠭᠡᠳ ᠯᠡ ᠣᠲᠣᠭᠰᠠᠨ ᠭᠡᠵᠦ ᠲᠠ ᠪᠢᠲᠡᠭᠡᠢ ᠶᠠᠷᠢᠭᠠᠷᠠᠢ︕ ᠥᠴᠥᠭᠡᠳᠦᠷ | ᠯᠡ ᠪᠠᠶᠢᠭᠰᠠᠨ ᠠᠴᠠ ᠥᠨᠥᠳᠥᠷ ᠤᠨ ᠪᠦᠭᠦ ᠶᠠᠭᠤᠮ᠎ᠠ ᠰᠠᠶᠢᠬᠠᠨ᠃ ᠥᠴᠥᠭᠡᠳᠦᠷ ᠤᠨ ᠥᠴᠥᠭᠡᠳᠦᠷ ᠠᠭᠤᠤ ᠶᠡᠭᠡ ᠡᠬᠡ ᠣᠷᠣᠨ ᠮᠢᠨᠢ ᠠᠳᠡ ᠠᠯᠳᠠᠷ ᠢᠶᠠᠨ᠂ | ᠦᠢᠯᠡᠰ ᠢᠶᠠᠨ ᠮᠠᠨᠳᠤᠭᠤᠯᠤᠨ ᠮᠥᠩᠬᠡ ᠶᠢᠨ ᠲᠠᠮᠠᠭ᠎ᠠ ᠳᠠᠷᠤᠭᠰᠠᠨ᠃ ᠠᠰᠤᠷᠤ ᠠᠭᠤᠳᠠᠮ ᠪᠠᠶᠢᠭᠠᠯᠢ ᠳᠤ ᠠᠷᠠᠳ ᠲᠦᠮᠡᠨ ᠮᠢᠨᠢ ᠠᠷᠢᠭᠤᠨ ᠭᠦᠳᠡᠯᠮᠦᠷᠢ ᠶᠢᠨ ᠤᠯᠠ | ᠮᠥᠷ ᠢᠶᠠᠨ ᠦᠯᠡᠳᠡᠭᠡᠭᠰᠡᠨ᠃ ᠮᠥᠨ ᠠᠳᠠᠯᠢᠬᠠᠨ ᠦᠶ᠎ᠡ ᠦᠶ᠎ᠡ ᠶᠢᠨ ᠡᠷᠳᠡᠮᠲᠡᠨ ᠮᠡᠷᠭᠡᠳ ᠥᠪᠡᠷ ᠤᠨ ᠤᠷᠠᠨ ᠭᠠᠷ ᠤᠶᠣᠨ ᠰᠠᠨᠠᠭ᠎ᠠ ᠪᠠᠷ ᠢᠶᠠᠨ ᠰᠢᠨ᠎ᠡ ᠡᠬᠡ ᠣᠷᠣᠨ᠂ | ᠠᠯᠤᠰ ᠢᠷᠡᠭᠡᠳᠦᠢ ᠶᠢ ᠪᠦᠲᠦᠭᠡᠨ ᠶᠠᠪᠤᠭᠰᠠᠨ ᠨᠢ ᠭᠦᠩᠭᠠᠷᠠᠪᠠ ᠲᠠᠢ ᠪᠤᠷᠬᠠᠨ ᠥᠭᠡᠷ᠎ᠡ ᠦᠭᠡᠢ᠂ ᠭᠤᠶᠣ ᠬᠢᠴᠡ ᠲᠠᠢ ᠲᠠᠲᠠᠯᠠᠭᠠᠨ ᠵᠢᠷᠤᠭ ᠪᠣᠯᠵᠤ ᠡᠬᠡ | ᠣᠷᠣᠨ ᠤ ᠪᠠᠨ ᠥᠷᠥᠴᠡᠨ ᠳᠤ ᠮᠥᠩᠬᠡ ᠰᠡᠶᠢᠯᠦᠭᠳᠡᠭᠰᠡᠨ᠃ ᠥᠨᠥᠳᠥᠷ ᠲᠡᠳᠡᠨ ᠤ ᠲᠠᠮᠠᠭᠠᠯᠠᠭᠰᠠᠨ᠂ ᠲᠡᠳᠡᠨ ᠤ ᠲᠠᠲᠠᠯᠠᠭᠰᠠᠨ ᠲᠠᠲᠠᠯᠠᠭᠠᠨ ᠵᠢᠷᠤᠭ ᠳᠡᠭᠡᠷ᠎ᠡ ᠰᠢᠨ᠎ᠡ | ᠰᠢᠨ᠎ᠡ ᠲᠤᠰᠤᠨ ᠪᠤᠳᠤᠭ ᠤᠨ ᠵᠢᠷᠤᠭ ᠵᠢᠷᠤᠭᠳᠠᠨ ᠪᠤᠢ᠃ ᠲᠡᠷᠡ ᠰᠢᠨ᠎ᠡ ᠬᠠᠭᠤᠴᠢᠨ ᠵᠢᠷᠤᠭ ᠤᠳ ᠬᠡᠵᠢᠶᠡᠳᠡ ᠪᠠᠯᠠᠷᠠᠰᠢ ᠦᠭᠡᠢ ᠮᠥᠩᠬᠡ ᠭᠢᠯᠠᠯᠵᠠᠭᠠᠳ ᠁ | ᠮᠥᠩᠬᠡ ᠶᠢᠨ ᠦᠵᠡᠰᠭᠦᠯᠡᠩ ᠢᠶᠠᠷ ᠢᠶᠠᠨ ᠬᠥᠮᠥᠨ ᠵᠤᠨ ᠤ ᠤᠶᠤᠨ ᠳᠤ ᠶᠠᠭᠤ ᠨᠢᠭᠡ ᠶᠢ ᠪᠤᠳᠤᠬᠲᠠᠭᠤᠯᠤᠨ ᠲᠡᠨᠳᠡ ᠪᠠᠨ ᠰᠡᠬᠦᠶᠢᠨ ᠪᠠᠶᠢᠨ᠎ᠠ᠃ ᠥᠨᠳᠥᠷ ᠲᠤ | ᠵᠣᠭᠰᠣᠭᠠᠳ ᠠᠯᠤᠰ ᠢ ᠪᠠᠷᠠᠯᠠᠬᠤ ᠳᠤ ᠰᠢᠪᠠᠭᠤᠳ ᠬᠢᠮᠤᠰᠤ ᠪᠠᠨ ᠨᠢᠭᠤᠭᠠᠳ ᠲᠡᠭᠷᠢ ᠳᠤ ᠬᠥᠭᠡᠷᠬᠦ ᠮᠡᠲᠦ ᠰᠡᠳᠬᠢᠯ ᠮᠠᠰᠢ ᠳᠣᠭᠳᠣᠯᠤᠩᠭᠤᠢ᠃ ᠭᠡᠬᠦ ᠪᠠᠷ ᠡᠷᠬᠡ | ᠴᠢᠯᠦᠭᠡᠲᠦ ᠠᠭᠤᠯᠠ ᠡᠭᠦᠯᠡ ᠬᠤᠶᠠᠷ ᠲᠤ ᠰᠡᠳᠬᠢᠯ ᠤᠨ ᠨᠢᠭᠤᠴᠠ ᠪᠠᠨ ᠳᠡᠯᠭᠡᠭᠡᠳ ᠪᠠᠶᠢᠮᠠᠷ ᠤᠷᠮᠠᠰᠢᠬᠤ ᠶᠤᠮ᠃ | ᠪᠢ ᠳᠠᠩᠳᠠ ᠪᠠᠨ ᠥᠨᠥᠳᠥᠷ ᠤᠨ ᠥᠨᠳᠥᠷ ᠳᠡᠭᠡᠷ᠎ᠡ ᠵᠣᠭᠰᠣᠭᠠᠳ ᠥᠴᠥᠭᠡᠳᠦᠷ ᠢ ᠬᠠᠷᠠᠬᠤ ᠳᠤᠷᠠᠲᠠᠢ᠃ ᠮᠥᠩᠬᠡ ᠶᠢᠨ ᠲᠠᠶᠢᠪᠤᠭᠤᠨ ᠣᠨ ᠵᠢᠯ ᠰᠠᠯᠬᠢᠨ | ᠪᠣᠷᠣᠭᠠᠨ᠂ ᠴᠠᠰᠤ ᠰᠢᠭᠤᠷᠭᠠᠨ ᠳᠤ ᠥᠩᠭᠡ ᠥᠩᠭᠡ ᠪᠠᠷ ᠲᠣᠳᠣᠷᠠᠨ ᠲᠣᠳᠣᠷᠠᠭᠠᠳ ᠪᠠᠶᠢᠬᠤ ᠶᠢ ᠬᠠᠷᠠᠬᠤ ᠳᠤᠷᠠᠲᠠᠢ᠃ ᠠᠶ᠎ᠠ᠂ ᠶᠠᠭᠤᠲᠠᠢ ᠭᠠᠶᠢᠬᠠᠯᠲᠠᠢ︕ | ᠶᠠᠭᠤᠮ᠎ᠠ ᠪᠦᠭᠦᠨ ᠢ ᠰᠡᠳᠬᠢᠯ ᠳᠤ ᠲᠣᠳᠣᠷᠠᠭᠤᠯᠤᠨ ᠲᠣᠳᠣᠷᠠᠭᠤᠯᠬᠤ ᠥᠴᠥᠭᠡᠳᠦᠷ ᠪᠢ ᠡᠨᠡ ᠬᠦ ᠰᠡᠳᠬᠢᠯ ᠬᠡᠮᠡᠬᠦ ᠢᠭᠴᠤ ᠰᠠᠬᠤᠯᠢᠭ ᠤᠢ ᠶᠢᠨ | ᠵᠠᠬ᠎ᠠ ᠪᠠᠷ ᠣᠯᠠᠨᠲᠠ ᠵᠠᠮᠨᠠᠭᠰᠠᠨ᠃ ᠵᠢᠭᠳᠡ ᠪᠥᠭᠡᠳ ᠥᠨᠳᠥᠷ ᠤᠷᠭᠤᠭᠰᠠᠨ ᠡᠨᠡ ᠰᠡᠳᠬᠢᠯ ᠬᠡᠮᠡᠬᠦ ᠤᠢ ᠴᠠᠷᠳᠠᠮᠠᠯ ᠵᠠᠮ ᠠᠴᠠ ᠠᠷᠤᠨᠰᠢ ᠪᠠᠨ ᠨᠡᠯᠢᠶᠡᠳ | ᠦᠷᠭᠦᠯᠵᠢᠯᠡᠭᠰᠡᠨ ᠪᠥᠭᠡᠳ ᠤᠢ ᠶᠢᠨ ᠴᠤᠭᠤᠷᠬᠠᠢ ᠪᠠᠷ ᠠᠵᠢᠭᠯᠠᠪᠠᠯ ᠴᠠᠶᠢᠪᠤᠷᠬᠠᠨ᠂ ᠠᠭᠤᠳᠠᠮ ᠲᠡᠨᠢᠭᠦᠬᠡᠨ ᠲᠡᠭᠷᠢ ᠶᠢᠨ ᠬᠠᠶᠠᠭ᠎ᠠ ᠶᠠᠭ ᠯᠡ ᠲᠡᠭᠦᠨ ᠤ ᠴᠠᠭᠠᠨᠠᠬᠠᠨ | ᠪᠠᠶᠢᠬᠤ ᠮᠡᠲᠦ᠃ ᠲᠡᠭᠡᠭᠦ ᠪᠠᠷ᠄ ︽ᠠᠢ ᠬᠠᠢ ᠬᠠᠢ ᠁ ᠰᠠᠷᠠᠨ ᠮᠢᠨᠤ᠂ ᠠᠢ ᠬᠠᠢ ᠬᠠᠢ ᠁ ᠲᠡᠭᠷᠢ ᠮᠢᠨᠤ᠂ ᠥᠨᠢᠳᠡ ᠮᠥᠩᠬᠡ ᠲᠡᠭᠷᠢ ᠮᠢᠨᠤ ᠁︾ ᠬᠡᠮᠡᠬᠦ | ︽ᠬᠥᠬᠡ ᠲᠡᠭᠷᠢ ᠶᠢᠨ ᠬᠤᠷᠤᠢ︾ ᠠᠶ᠎ᠠ ᠳᠠᠭᠤᠤ ᠨᠡᠭᠡᠭᠡᠯᠲᠡᠲᠡᠢ ᠴᠣᠩᠬᠤ ᠪᠠᠷ ᠤᠢ ᠶᠢᠨ ᠴᠠᠭᠠᠨᠠᠬᠢ ᠲᠡᠭᠷᠢ ᠶᠢᠨ ᠬᠠᠶᠠᠭᠠᠨ ᠤ ᠲᠡᠨᠳᠡ ᠠᠴᠠ ᠢᠷᠠᠭᠤ ᠲᠤᠩᠭᠠᠯᠠᠭᠬᠠᠨ | ᠬᠠᠩᠭᠢᠨᠠᠨ ᠴᠤᠤᠷᠢᠶᠠᠲᠤᠭᠠᠳ ᠰᠡᠳᠬᠢᠯ ᠢ ᠤᠳᠤᠷᠢᠳᠤᠨ ᠭᠤᠸ᠎ᠠ ᠲᠠᠭᠠᠰᠢᠶᠠᠯ ᠵᠦᠭ ᠳᠡᠪᠳᠡᠷᠢᠨ᠎ᠡ ᠁ | ᠬᠡᠴᠢᠨᠡᠨ ᠵᠢᠯ ᠤᠨ ᠡᠮᠦᠨ᠎ᠡ ᠪᠢ ᠡᠨᠡ ᠤᠢ ᠶᠢᠨ ᠬᠠᠵᠠᠭᠤ ᠪᠠᠷ ᠠᠩᠬ᠎ᠠ ᠥᠩᠭᠡᠷᠡᠬᠦ ᠳᠤ ᠨᠠᠮᠤᠷ ᠤᠨ ᠰᠡᠭᠦᠯᠴᠢ ᠪᠣᠯᠵᠤ ᠪᠠᠶᠢᠯ᠎ᠠ᠃ ᠮᠣᠳᠣᠳ ᠤᠨ ᠨᠠᠪᠴᠢᠰ | ᠨᠠᠮᠤᠷ ᠤᠨ ᠬᠦᠢᠲᠡᠨ ᠪᠣᠷᠣᠭᠠᠨ ᠳᠤ ᠬᠡᠳᠦᠨᠲᠡ ᠭᠦᠪᠴᠢᠭᠳᠡᠨ ᠤᠨᠠᠭᠰᠠᠨ ᠪᠤᠯᠪᠠᠴᠦ ᠠᠷᠠᠶᠢᠬᠠᠨ ᠲᠣᠭᠲᠠᠨ ᠶᠠᠳᠠᠨ ᠪᠠᠶᠢᠬᠤ ᠤᠯᠠᠪᠤᠷ᠂ ᠰᠢᠷ᠎ᠠ᠂ ᠨᠣᠭᠤᠭᠠᠨ ᠤᠯᠠᠨ | ᠶᠠᠩᠵᠤ ᠶᠢᠨ ᠴᠥᠭᠡᠨ ᠨᠠᠪᠴᠢ ᠨᠤᠭᠤᠳ ᠪᠠᠰᠠ ᠨᠢᠭᠡᠨ ᠵᠦᠢᠯ ᠤᠨ ᠭᠤᠸ᠎ᠠ ᠰᠠᠶᠢᠬᠠᠨ ᠢᠶᠠᠷ ᠡᠨᠡ ᠶᠡᠭᠡ ᠤᠢ ᠬᠥᠪᠴᠢ ᠪᠠᠨ᠂ ᠠᠭᠤᠤ ᠠᠭᠤᠳᠠᠮ ᠡᠬᠡ ᠪᠠᠶᠢᠭᠠᠯᠢ ᠪᠠᠨ | ᠴᠢᠮᠡᠭᠰᠡᠨ ᠬᠠᠷᠠᠭᠳᠠᠨ᠎ᠠ᠃ ᠨᠡᠩ ᠣᠨᠴᠠᠭᠠᠶᠢᠯᠠᠨ ᠤᠢ ᠶᠢᠨ ᠴᠤᠭᠤᠷᠬᠠᠢ ᠶᠢᠨ ᠴᠠᠭᠠᠨᠠᠬᠠᠨ ᠪᠠᠶᠢᠬᠤ ᠪᠣᠯᠪᠠᠤ ᠭᠡᠮᠡᠷ ᠲᠡᠭᠷᠢ ᠶᠢᠨ ᠬᠠᠶᠠᠭ᠎ᠠ ᠠᠭᠤᠵᠢᠮ ᠠᠴᠠ ᠠᠭᠤᠵᠢᠮ | ᠲᠡᠭᠰᠢ ᠲᠠᠯ᠎ᠠ ᠲᠠᠢ ᠪᠠᠨ ᠬᠢᠯᠢᠯᠡᠨ ᠤᠯᠠᠮ ᠲᠣᠳᠣ ᠴᠠᠶᠢᠪᠤᠷᠳᠠᠨ ᠤᠨᠢᠶᠠᠷᠲᠤᠬᠤ ᠨᠢ ᠳᠡᠯᠭᠡᠭᠰᠡᠨ ᠬᠠᠳᠠᠭ ᠭᠡᠮᠡᠷ ᠦᠵᠡᠰᠭᠦᠯᠡᠩ᠃ | ᠲᠡᠶᠢᠮᠦ ᠠ᠋᠂ ᠦᠯᠡᠮᠵᠢ ᠶᠢᠨ ᠭᠤᠸ᠎ᠠ ᠰᠠᠶᠢᠬᠠᠨ ᠢ ᠰᠡᠳᠬᠢᠯ ᠳᠤ ᠬᠠᠳᠠᠩᠰᠢᠭᠤᠯᠤᠭᠰᠠᠨ ᠡᠬᠡ ᠣᠷᠣᠨ ᠳᠠᠭᠠᠨ ᠲᠠᠬᠰᠢᠨ ᠠᠮᠤᠭᠤᠯᠠᠩ ᠰᠠᠭᠠᠲᠠᠬᠤ ᠨᠤᠲᠤᠭ | ᠮᠢᠨᠢ ᠭᠡᠵᠦ ᠬᠠᠮᠢᠭ᠎ᠠ ᠶᠠᠪᠤᠭᠰᠠᠨ ᠴᠦ ᠳᠤᠷᠠᠰᠤᠯ ᠳᠤᠷᠠᠳᠬᠠᠯ ᠳᠤ ᠥᠩᠭᠡ ᠳᠦᠷᠢ ᠪᠠᠨ ᠲᠣᠳᠣ ᠲᠣᠮᠣᠷᠠᠭᠤᠨ ᠬᠠᠷᠠᠭᠳᠠᠭᠤᠯᠤᠭᠠᠳ ᠪᠠᠶᠢᠳᠠᠭ ᠭᠠᠵᠠᠷ ᠳ᠋ᠠ᠃ ᠭᠡᠬᠦᠯᠡᠷ | ᠡᠨᠡ ᠤᠢ ᠶᠢᠨ ᠲᠡᠷᠭᠡᠲᠡᠭᠦᠷ ᠥᠩᠭᠡᠷᠡᠬᠦ ᠪᠣᠯᠭᠠᠨ ᠤᠢ ᠶᠢᠨ ᠴᠤᠭᠤᠷᠬᠠᠢ ᠪᠠᠷ ᠬᠠᠷᠠᠭᠳᠠᠬᠤ ᠲᠡᠭᠷᠢ ᠶᠢᠨ ᠬᠠᠶᠠᠭ᠎ᠠ ᠵᠦᠭ ᠪᠤᠲᠣᠯ ᠰᠡᠳᠬᠢᠯ ᠥᠪᠡᠷ ᠤᠨ ᠡᠷᠬᠡ ᠦᠭᠡᠢ | ᠲᠡᠮᠡᠦᠯᠦᠭᠡᠳ ᠪᠠᠶᠢᠬᠤ ᠶᠤᠮ ᠭᠡᠭᠴᠢ᠃ ᠲᠡᠷᠡ ᠤᠢ ᠶᠢᠨ ᠴᠠᠭᠠᠨ᠎ᠠ ᠪᠠᠶᠢᠬᠤ ᠲᠡᠭᠷᠢ ᠶᠢᠨ ᠬᠠᠶᠠᠭᠠᠨ ᠠᠴᠠ ᠡᠨᠡ ᠶᠡᠭᠡ ᠤᠢ ᠶᠢᠨ ᠱᠤᠤᠭᠢᠶᠠᠨ ᠰᠢᠭ᠋ ᠬᠠᠭ ᠤᠨ | ᠲᠠᠪᠢᠨ ᠤ ᠮᠢᠨᠢ ᠦᠷ᠎ᠡ ᠬᠡᠦᠬᠡᠳ ᠤᠨ ︽ᠵᠢᠩᠭᠢᠷ ᠵᠢᠩᠭᠢᠷ︾ ᠬᠡᠮᠡᠬᠦ ᠬᠢᠴᠢᠶᠡᠯ ᠨᠣᠮ ᠢᠶᠠᠨ ᠤᠩᠰᠢᠬᠤ ᠲᠠᠭᠤᠨ ᠪᠤᠯᠠᠭ ᠤᠨ ᠣᠰᠤᠨ ᠪᠤᠷᠭᠢᠯᠤᠨ ᠭᠤᠷᠴᠢᠭᠢᠨᠠᠬᠤ ᠰᠢᠭ᠋᠃ | ᠪᠠᠰᠠ ᠦᠷ ᠴᠦᠷ ᠢᠶᠠᠷ ᠦᠨᠢᠶ᠎ᠡ ᠲᠤᠭᠤᠯ ᠲᠠᠢ ᠪᠠᠨ ᠶᠠᠭᠠᠷᠠᠬᠤ ᠥᠬᠢᠳ ᠪᠦᠰᠡᠭᠦᠶᠢᠴᠦᠳ ᠤᠨ ᠭᠦᠷ ᠬᠥᠭᠵᠢᠶᠡᠨ ᠲᠤᠤᠨᠢᠬᠤ ᠰᠢᠭ᠋᠃ ᠲᠡᠶᠢᠮᠤ ᠠᠴᠠ ᠡᠨᠡ ᠤᠢ ᠶᠢᠨ | ᠵᠠᠬ᠎ᠠ ᠪᠠᠷ ᠥᠩᠭᠡᠷᠡᠬᠦ ᠪᠣᠯᠭᠠᠨ ᠪᠢ ᠵᠠᠪᠠᠯ ᠲᠡᠷᠭᠡᠨ ᠤ ᠪᠠᠨ ᠴᠣᠩᠬᠤᠨ ᠰᠢᠯ ᠢ ᠳᠣᠷᠣᠭᠰᠢ ᠪᠠᠭᠤᠯᠭᠠᠨ ᠵᠢᠷᠪᠢᠯᠵᠡᠨ ᠥᠩᠭᠡᠷᠡᠬᠦ ᠤᠢ ᠲᠠᠶᠢᠭ᠎ᠠ ᠪᠣᠯᠣᠨ ᠤᠢ | ᠲᠠᠶᠢᠭ᠎ᠠ ᠶᠢᠨ ᠴᠠᠭᠠᠨᠠᠬᠢ ᠡᠬᠡ ᠪᠠᠶᠢᠭᠠᠯᠢ᠂ ᠡᠬᠡ ᠪᠠᠶᠢᠭᠠᠯᠢ ᠠᠴᠠ ᠴᠤᠤᠷᠢᠶᠠᠲᠤᠬᠤ ᠠᠶ᠎ᠠ ᠳᠠᠭᠤᠤ ᠶᠢ ᠴᠢᠩᠨᠠᠬᠤ ᠳᠤᠷᠠᠲᠠᠢ᠃ | ᠮᠠᠨ ᠤ ᠨᠤᠲᠤᠭ ᠲᠤ ᠠᠭᠤᠯᠠ ᠬᠠᠶᠢᠷᠬᠠᠨ ᠪᠠᠶᠢᠳᠠᠭ ᠦᠭᠡᠢ᠃ ᠲᠡᠨᠢᠢᠭᠰᠡᠨ ᠠᠭᠤᠳᠠᠮ ᠰᠠᠶᠢᠬᠠᠨ ᠪᠣᠷᠣ ᠵᠣ᠂ ᠲᠠᠯ᠎ᠠ ᠭᠤᠪᠢ ᠦᠷᠭᠦᠯᠵᠢᠯᠡᠭᠡᠳ ᠯᠡ᠂ | ᠴᠣᠬᠤᠮ ᠬᠠᠷᠠᠭ᠎ᠠ ᠠᠯᠳᠠᠮ᠎ᠠ ᠰᠠᠶᠢᠬᠠᠨ ᠢ ᠶᠠᠭᠠᠬᠢᠨ᠎ᠠ᠃ ᠮᠠᠯ ᠤᠨᠣᠭᠠᠨ ᠤ ᠡᠷᠢᠯ ᠳᠤ ᠶᠠᠪᠤᠭᠰᠠᠨ ᠬᠥᠮᠥᠨ ᠳᠣᠪᠣᠴᠠᠭ ᠳᠡᠭᠡᠷ᠎ᠡ ᠭᠠᠷᠤᠭᠠᠳ ᠲᠦᠷᠪᠡᠨ ᠵᠦᠭ ᠨᠠᠢᠮᠠᠨ | ᠵᠣᠪᠬᠢᠰ ᠢ ᠪᠠᠷᠠᠯᠠᠪᠡᠯ ᠠᠯᠠᠭᠠᠨ ᠳᠡᠭᠡᠷᠡᠬᠢ ᠶᠠᠭᠤᠮ᠎ᠠ ᠪᠠᠨ ᠦᠵᠡᠵᠦ ᠪᠠᠶᠢᠬᠤ ᠰᠢᠤᠬᠠᠨ ᠲᠣᠳᠣᠬᠠᠨ ᠪᠠᠶᠢᠳᠠᠭ᠃ ᠲᠡᠷᠡ ᠲᠤᠪᠤ ᠲᠣᠯᠣᠭᠠᠳ ᠤᠨ ᠣᠷᠣᠢ ᠳᠡᠭᠡᠷ᠎ᠡ | ᠵᠤᠬᠰᠤᠬᠤ ᠳᠤ ᠰᠠᠶᠢᠨ ᠰᠠᠶᠢᠬᠠᠨ ᠢ ᠤᠯᠠᠮ ᠰᠠᠶᠢᠬᠠᠨ ᠪᠦᠲᠦᠭᠡᠬᠦ ᠭᠡᠰᠡᠨ ᠮᠡᠲᠦ ᠪᠣᠷᠪᠢ ᠪᠣᠬᠢᠰᠬᠢᠯ ᠦᠭᠡᠢ ᠠᠵᠢᠯᠯᠠᠳᠠᠭ ᠡᠪᠦᠭᠡ᠂ ᠡᠪᠦᠭᠡᠳ ᠤᠨ ᠪᠠᠷ᠎ᠠ ᠬᠠᠷᠠᠭᠳᠠᠬᠤ | ᠰᠢᠭ᠋᠃ ᠥᠴᠥᠭᠡᠳᠦᠷ ᠪᠦᠭᠦᠨ ᠢ ᠬᠠᠷᠠᠬᠤ ᠳᠤᠷᠠᠲᠠᠢ ᠮᠢᠨᠤ ᠵᠢᠷᠦᠬᠡᠨ ᠳᠤ ᠪᠠᠭ᠎ᠠ ᠡᠪᠦᠭᠡ ᠶᠢᠨ᠄ ︽ᠨᠠᠮ ᠤᠨ ᠰᠠᠶᠢᠨ ᠠ᠋᠂ ᠨᠠᠮ ᠤᠨ ᠰᠠᠶᠢᠨ︕︾ ᠬᠡᠮᠡᠬᠦ ᠠᠶᠢᠯ | ᠪᠦᠯᠢ ᠳᠡᠭᠡᠨ᠂ ᠠᠴᠢᠷ ᠦᠷᠡᠰ ᠲᠡᠭᠡᠨ ᠢᠮᠠᠭᠲᠠ ᠶᠠᠷᠢᠳᠠᠭ ᠦᠭᠡ ᠲᠠᠭᠢᠨ ᠳᠠᠪᠲᠠᠭᠳᠠᠬᠤ ᠶᠤᠮ᠃ ᠲᠡᠶᠢᠮᠤ ᠠ᠋᠂ ᠲᠡᠳᠡᠭᠡᠷ ᠬᠥᠮᠥᠰ ᠤᠨ ᠬᠥᠯᠥᠰᠦ ᠰᠢᠩᠭᠡᠵᠦ | ᠭᠦᠲᠡᠯᠮᠦᠷᠢ ᠨᠡᠪᠴᠢᠭᠰᠡᠨ ᠡᠬᠡ ᠣᠷᠣᠨ ᠮᠢᠨᠢ ᠪᠠᠶᠢᠳᠠᠭ ᠪᠣᠯᠬᠤᠷ ᠬᠥᠮᠥᠨ ᠵᠤᠨ ᠨᠢ ᠢᠮᠠᠭᠲᠠ ᠥᠭᠡᠳᠡ ᠲᠠᠢ ᠥᠩᠭᠡ ᠲᠠᠢ ᠪᠠᠶᠠᠨ ᠲᠠᠩᠰᠤᠭ ᠠᠵᠤ ᠲᠦᠷᠦᠭᠦ ᠶᠤᠮ᠃ | ᠲᠡᠳᠡᠨ ᠤ ᠰᠠᠶᠢᠨ ᠰᠠᠶᠢᠬᠠᠨ ᠵᠥᠩᠨᠡᠯ ᠢᠷᠦᠭᠡᠯ ᠪᠠᠲᠤᠵᠢᠭᠰᠠᠨ ᠠᠴᠠ ᠨᠤᠲᠤᠭ ᠤᠰᠤ ᠮᠢᠨᠢ ᠳᠡᠯᠭᠡᠷ ᠦᠵᠡᠰᠭᠦᠯᠡᠩ ᠢᠶᠠᠨ ᠭᠠᠶᠢᠬᠠᠭᠤᠯᠬᠤ ᠶᠤᠮᠰᠠᠨ᠃ | ᠨᠤᠲᠤᠭ ᠲᠠᠢ ᠪᠠᠨ ᠠᠳᠠᠯᠢᠬᠠᠨ ᠠᠭᠤᠵᠢᠮ ᠰᠡᠳᠬᠢᠯᠲᠦ ᠡᠭᠡᠯ ᠪᠣᠷᠣᠬᠠᠨ ᠬᠥᠮᠥᠨ ᠠᠷᠠᠳ᠂ ᠠᠪᠤ ᠡᠵᠢ ᠮᠢᠨᠢ ᠭᠡᠵᠦ ᠵᠢᠯ ᠤᠨ ᠳᠦᠷᠪᠡᠨ ᠤᠯᠠᠷᠢᠯ ᠳᠤ ᠬᠥᠯ | ᠠᠮᠠᠷᠠᠯ ᠦᠭᠡᠢ ᠦᠬᠡᠷ ᠠᠳᠤᠭᠤ ᠬᠤᠨᠢ ᠢᠮᠠᠭ᠎ᠠ ᠪᠠᠨ ᠬᠠᠷᠢᠭᠤᠯᠵᠤ᠂ ᠲᠡᠭᠦᠨ ᠤ ᠪᠠᠨ ᠬᠡᠰᠢᠭ ᠪᠤᠶᠠᠨ ᠢᠶᠠᠷ ᠠᠮᠢᠳᠤᠷᠠᠯ ᠢᠶᠠᠨ ᠥᠭᠡᠳᠡ ᠲᠠᠲᠠᠵᠤ᠂ ᠲᠡᠨᠢᠭᠦᠨ ᠰᠠᠶᠢᠬᠠᠨ | ᠠᠮᠢᠳᠤᠷᠠᠯ ᠲᠠᠢ ᠰᠡᠳᠬᠢᠯ ᠰᠠᠨᠠᠭ᠎ᠠ ᠥᠭᠡᠳᠡᠷᠬᠡᠭ᠂ ᠲᠠᠩᠰᠤᠭ ᠰᠠᠶᠢᠬᠠᠨ ᠠᠵᠤ ᠲᠦᠷᠦᠵᠦ ᠶᠠᠪᠤᠳᠠᠭ ᠢ ᠥᠴᠥᠭᠡᠳᠦᠷ᠂ ᠥᠴᠥᠭᠡᠳᠦᠷ ᠤᠨ ᠥᠴᠥᠭᠡᠳᠦᠷ ᠲᠡᠮᠳᠡᠭᠯᠡᠵᠦ | ᠲᠠᠯᠪᠢᠭᠰᠠᠨ᠃ ᠲᠡᠷᠡ ᠯᠡ ᠰᠠᠶᠢᠬᠠᠨ ᠣᠷᠴᠢᠨ ᠪᠠᠶᠢᠭᠠᠯᠢ ᠨᠢ ᠬᠥᠮᠥᠨ ᠵᠤᠨ ᠢᠶᠠᠨ ᠡᠯᠢᠭᠡᠨ ᠳᠡᠭᠡᠨ ᠪᠦᠪᠡᠶᠢᠯᠡᠵᠦ᠂ ᠢᠪᠡᠭᠡᠨ ᠲᠡᠳᠬᠦᠵᠦ ᠦᠩᠰᠢᠭ ᠥᠶᠥᠭ | ᠪᠠᠶᠢᠳᠠᠭ ᠢ ᠪᠢ ᠢᠮᠠᠭᠲᠠ ᠬᠠᠷᠠᠳᠠᠭ ᠪᠣᠯᠬᠤᠷ ᠁ ᠮᠢᠨᠤ ᠬᠠᠶᠢᠷ᠎ᠠ ᠳᠤ ᠡᠷᠬᠡ ᠲᠠᠷᠬᠠᠨ ᠰᠦᠨᠳᠡᠷᠯᠡᠬᠦ ᠦᠭᠡᠢ ᠶᠠᠭᠠᠬᠢᠬᠤᠪ ᠳ᠋ᠠ᠃ ᠶᠠᠭ ᠯᠡ ᠲᠡᠷᠡ ᠤᠢ ᠶᠢᠨ | ᠴᠠᠭᠠᠨ᠎ᠠ ᠠᠴᠠ ᠢᠷᠠᠭᠤᠬᠠᠨ ᠲᠤᠭᠤᠯᠳᠠᠬᠤ ︽ᠡᠬᠡ ᠭᠠᠵᠠᠷ ᠲᠠᠭᠠᠨ ᠬᠠᠶᠢᠷ᠎ᠠ ᠪᠠᠨ ᠰᠢᠩᠭᠡᠬᠡᠨ ᠳᠡᠭᠡᠳᠦᠯᠡᠨ ᠰᠦᠰᠦᠭᠯᠡᠨ ᠮᠥᠷᠭᠦᠶ᠎ᠡ︾ ᠬᠡᠮᠡᠬᠦ ᠤᠶᠠᠩᠭ᠎ᠠ ᠠᠶᠠᠰ ᠤᠨ | ᠳᠠᠭᠤᠷᠢᠰᠬᠤᠯᠠᠩ ᠰᠡᠳᠬᠢᠯ ᠢ ᠰᠣᠭᠲᠣᠭᠠᠨ ᠬᠡᠵᠢᠶ᠎ᠡ ᠴᠦ ᠲᠡᠷᠡ ᠠᠭᠤᠳᠠᠮ ᠪᠠᠶᠢᠭᠠᠯᠢ᠂ ᠥᠨᠢᠷ ᠣᠷᠣᠨ ᠵᠦᠭ ᠢᠶᠠᠨ ᠤᠬᠠᠭ᠎ᠠ ᠪᠤᠳᠤᠯ ᠢ ᠰᠥᠬᠦᠷᠡᠭᠦᠯᠦᠨ | ᠰᠥᠬᠦᠷᠡᠭᠦᠯᠬᠦ ᠮᠡᠲᠦ᠃ | ᠨᠤᠲᠤᠭ ᠤᠰᠤ ᠶᠢ ᠮᠢᠨᠢ ᠳᠠᠩᠴᠤ ᠪᠤᠳᠤᠬᠳᠠᠭᠤᠯᠬᠤ᠂ ᠮᠥᠨ ᠴᠦ ᠶᠠᠪᠤᠭᠠᠳ ᠣᠴᠢᠮᠠᠷ ᠰᠠᠨᠠᠭᠳᠠᠭᠤᠯᠬᠤ ᠡᠨᠡ ᠤᠢ᠂ ᠤᠢ ᠶᠢᠨ ᠴᠠᠭᠠᠨ᠎ᠠ ᠪᠠᠶᠢᠬᠤ | ᠲᠡᠭᠷᠢ ᠶᠢᠨ ᠬᠠᠶᠠᠭ᠎ᠠ ᠲᠠᠢ ᠵᠠᠯᠭᠠᠯᠳᠤᠭᠰᠠᠨ ᠲᠡᠭᠰᠢ ᠲᠠᠯ᠎ᠠ᠂ ᠪᠠᠰᠠ ᠲᠡᠷᠡ ᠭᠤᠶᠢᠳᠠ ᠳᠠᠭᠤᠤ ᠨᠤᠲᠤᠭ ᠤᠰᠤ ᠶᠢᠨ ᠮᠢᠨᠢ ᠬᠥᠭᠵᠢᠯᠲᠡ ᠬᠤᠪᠢᠷᠠᠯᠲᠠ ᠭᠤᠸ᠎ᠠ | ᠰᠠᠶᠢᠬᠠᠨ ᠢ ᠳᠠᠭᠤᠯᠠᠭᠠᠳ ᠪᠠᠶᠢᠳᠠᠭ ᠨᠢ ᠶᠠᠮᠠᠷ ᠰᠠᠶᠢᠬᠠᠨ ᠪᠤᠢ ᠬᠡᠮᠡᠨ ᠰᠠᠨᠠᠨ ᠪᠢ ᠡᠨᠡ ᠣᠢ ᠶᠢᠨ ᠬᠠᠵᠠᠭᠤ ᠪᠠᠷ ᠥᠩᠭᠡᠷᠡᠬᠦ ᠪᠣᠯᠭᠠᠨ ᠰᠡᠳᠬᠢᠯ ᠥᠨᠳᠡᠯᠵᠡᠭᠡᠳ | ᠪᠠᠶᠢᠬᠤ ᠶᠤᠮ ᠠ᠋᠃ ᠡᠰᠡᠬᠦᠯ᠎ᠡ ᠲᠡᠷᠡ ᠨᠢᠭᠡᠨ ᠥᠨᠳᠦᠷᠯᠢᠭ ᠪᠣᠯᠤᠭᠰᠠᠨ ᠥᠴᠥᠭᠡᠳᠦᠷ ᠤᠨ ᠣᠷᠣᠢ ᠳᠡᠭᠡᠷ᠎ᠡ ᠵᠣᠭᠰᠣᠭᠠᠳ ᠪᠠᠶᠢᠮᠠᠷ ᠪᠤᠯᠬᠤ ᠶᠤᠮ ᠠ᠋ ᠁ | ᠤᠳᠠᠭᠠᠨ ᠵᠤᠬᠰᠤᠬᠤ ᠮᠠᠨᠢ ᠤᠴᠢᠷᠲᠠᠢ - | ᠥᠴᠥᠭᠡᠳᠦᠷ ᠥᠩᠭᠡ ᠭᠡᠷᠡᠯᠲᠡᠢ ᠪᠠᠶᠢᠬᠰᠠᠨ; | ᠥᠨᠥᠳᠥᠷ ᠥᠷᠨᠢᠯ ᠬᠥᠭᠵᠢᠯ ᠲᠠᠢ ᠪᠠᠶᠢᠨᠠᠮ; | ᠢᠷᠡᠭᠡᠳᠦᠢ - ᠨᠡᠩ ᠭᠡᠭᠡᠨ ᠰᠠᠷᠠᠭᠤᠯ᠃ |