ᠪᠢ ᠡᠬᠡ ᠣᠷᠣᠨ ᠤ ᠪᠠᠨ ᠮᠥᠷᠥᠭᠡᠳᠦᠯ ᠪᠠᠶᠢᠭᠰᠠᠨ
ᠨᠡᠶᠢᠲᠡᠯᠡᠭᠰᠡᠨ ᠴᠠᠭ᠄
2024/12/13
       ᠡᠬᠡ ᠣᠷᠣᠨ ᠢᠶᠠᠨ ᠪᠢ ᠲᠠᠯ᠎ᠠ ᠭᠡᠪᠡᠯ᠂ ᠡᠯᠢᠭᠡᠨ ᠳᠤᠨᠢ ᠡᠷᠬᠡᠯᠡᠳᠡᠭ ᠡᠪᠡᠰᠦ ᠪᠢ ᠪᠠᠶᠢᠭᠰᠠᠨ᠃ ᠰᠢᠭᠦᠳᠡᠷᠢ ᠶᠢᠨ ᠪᠤᠯᠣᠷᠬᠠᠨ ᠮᠥᠬᠦᠯᠢᠭ ᠤᠳ ᠠᠯᠠᠭᠠᠨ ᠳᠡᠭᠡᠷ᠎ᠡ ᠮᠢᠨᠢ ᠪᠦᠩᠵᠢᠭᠢᠨᠡᠭᠦ ᠳᠤ᠂ ᠲᠤᠩᠭᠠᠯᠠᠭ ᠲᠤᠨᠢ ᠵᠢᠰᠦ ᠪᠠ ᠲᠡᠭᠷᠢ ᠪᠠᠨ ᠲᠣᠯᠢᠳᠠᠨ ᠠᠯᠢᠶᠠᠯᠠᠵᠤ᠂ ᠲᠥᠰᠥᠭᠡᠯᠡᠬᠦᠢ ᠳᠡᠭᠡᠨ ᠭᠠᠯᠪᠢᠩᠭ᠎ᠠ ᠳᠡᠪᠢᠭᠦᠯᠵᠦ᠂ ᠲᠣᠭᠤᠷᠤᠤ ᠴᠠᠮᠨᠠᠭᠤᠯᠤᠨ ᠪᠠᠶᠠᠰᠳᠠᠭ᠃ ᠠᠵᠠ ᠵᠢᠷᠭᠠᠯ ᠤᠨ ᠨᠠᠷᠠᠨ ᠤ ᠪᠦᠯᠢᠶᠡᠨ ᠣᠷᠣᠭᠤᠯ ᠪᠤᠯᠪᠠᠷᠠᠢ ᠵᠥᠭᠡᠯᠡᠨ ᠵᠤᠯᠠᠢ ᠶᠢ ᠮᠢᠨᠢ ᠡᠩᠬᠦᠷᠡᠶᠢᠯᠡᠨ ᠦᠨᠦᠰᠬᠦ ᠳᠤ᠂ ᠬᠥᠷᠥᠰᠥᠨ ᠤ ᠭᠡᠯᠡ ᠪᠠᠷ ᠬᠦᠰᠡᠯ ᠢᠶᠠᠨ ᠰᠢᠪᠡᠨᠡᠵᠦ᠂ ᠴᠢᠮᠬᠢ ᠴᠢᠮᠬᠢ ᠪᠠᠷ ᠰᠤᠭᠤᠷᠠᠳᠠᠭ᠃ ᠡᠷᠬᠢᠮᠰᠦᠭ ᠬᠡᠭᠡᠯᠭᠡᠨ ᠰᠠᠷᠠᠨ ᠤ ᠴᠢᠨᠳᠠᠭᠠᠨ ᠬᠤᠷᠤᠭᠤ ᠡᠮᠵᠡᠭ ᠲᠣᠷᠭᠠᠨ ᠮᠡᠯᠮᠡᠢ ᠶᠢ ᠮᠢᠨᠢ ᠥᠬᠦᠭᠡᠷᠳᠡᠨ ᠢᠯᠪᠢᠬᠦ ᠳᠤ᠂ ᠠᠷᠤᠤᠬᠠᠨ ᠴᠡᠪᠡᠷ ᠬᠠᠶᠢᠷ᠎ᠠ ᠳᠤᠨᠢ ᠰᠣᠭᠲᠣᠭᠤᠷᠠᠨ᠂ ᠡᠷᠬᠡᠰ ᠭᠠᠷᠠᠭ ᠤᠨ ᠦᠵᠡᠰᠭᠦᠯᠡᠩ ᠭᠠᠶᠢᠬᠠᠮᠰᠢᠭ ᠢ ᠮᠡᠳᠡᠷᠡᠳᠡᠭ᠃ ᠳᠡᠭᠵᠢᠨ ᠤᠯᠢᠶᠠᠷᠬᠠᠭ ᠣᠳᠣᠳ ᠤᠨ ᠰᠦᠮᠡᠨ ᠴᠡᠩᠬᠡᠷ ᠭᠡᠭᠡ ᠬᠡᠦᠬᠡᠨ ᠬᠠᠷᠠᠭ᠎ᠠ ᠶᠢ ᠮᠢᠨᠢ ᠡᠨᠡᠷᠢᠨ ᠰᠦᠯᠡᠬᠦ ᠳᠤ᠂ ᠦᠯᠦ ᠦᠵᠡᠭᠳᠡᠬᠦ ᠶᠢᠨ ᠣᠷᠣᠨ ᠵᠠᠢ ᠳᠤ ᠥᠷᠪᠥᠭᠡᠷ ᠵᠢᠭᠠᠯᠬᠠᠨ ᠪᠣᠯᠵᠣᠮᠣᠷ ᠲᠠᠢ ᠵᠡᠭᠡᠷ᠎ᠡ ᠶᠢᠨ ᠱᠠᠭ᠎ᠠ ᠲᠠᠰᠢᠨ ᠵᠤᠭᠠᠯᠠᠳᠠᠭ᠃ ᠣᠩᠭᠤᠨ ᠲᠠᠷᠬᠠᠨ ᠪᠠᠶᠢᠭᠠᠯᠢ ᠪᠠᠨ ᠴᠢᠮᠡᠨ ᠳᠡᠪᠳᠡᠷᠢᠳᠡᠭ ᠰᠣᠯᠣᠩᠭᠠᠨ ᠵᠢᠭᠦᠷ ᠲᠠᠢ ᠡᠷᠪᠡᠬᠡᠢ   ᠨᠢ ᠲᠣᠷᠢᠬᠠᠨ ᠮᠥᠷᠥ ᠶᠢ ᠮᠢᠨᠢ ᠱᠦᠷᠭᠦᠭᠡᠨ ᠪᠥᠵᠢᠬᠦ ᠳᠤ᠂ ᠡᠷᠬᠡ ᠲᠠᠩᠬᠢᠯ ᠨᠠᠭᠢᠯᠦᠭᠠᠨ ᠳᠤᠨᠢ ᠨᠣᠮᠢᠨ ᠨᠣᠭᠤᠭᠠᠨ ᠵᠡᠭᠦᠳᠦ ᠪᠠᠨ ᠵᠢᠷᠤᠭᠠᠳ᠂ ᠢᠨᠵᠠᠭᠠᠨ ᠴᠠᠭᠠᠨ ᠰᠠᠯᠬᠢᠨ ᠤ ᠬᠡ ᠪᠠᠷ ᠤᠷᠤᠰᠬᠠᠨ᠂ ᠵᠢᠩᠳᠡᠭᠦᠦ ᠭᠤᠨᠳᠠᠭᠤ ᠡᠳᠦᠷ ᠬᠤᠨᠤᠭ ᠢ ᠵᠥᠭᠡᠯᠡᠯᠡᠳᠡᠭ᠃ ᠢᠷᠡᠵᠦ ᠶᠠᠪᠤᠭ᠎ᠠ ᠬᠡᠨ ᠨᠢᠭᠡᠨ ᠤ ᠠᠰᠬᠠᠭᠰᠠᠨ ᠭᠤᠨᠢᠭ ᠲᠤ ᠡᠯᠢᠭᠡ ᠪᠠᠨ ᠡᠮᠳᠡᠯᠡᠭᠦᠯᠦᠭᠰᠡᠨ ᠴᠦ᠂ ᠭᠠᠵᠠᠷ ᠤᠨ ᠲᠠᠮᠢᠷ ᠢᠶᠠᠷ ᠰᠢᠨᠳᠠᠰᠤᠯᠠᠨ᠂ ᠡᠷᠭᠢᠭᠡᠳ ᠲᠥᠯᠵᠢᠬᠦ ᠶᠢᠨ ᠤᠬᠠᠭᠠᠨ ᠢᠶᠠᠷ ᠮᠠᠷᠭᠠᠰᠢ ᠪᠠᠨ ᠤᠭᠲᠤᠨ ᠰᠡᠷᠪᠡᠯᠵᠡᠳᠡᠭ᠃       ᠡᠬᠡ ᠣᠷᠣᠨ ᠢᠶᠠᠨ ᠪᠢ ᠠᠭᠤᠯᠠ ᠭᠡᠪᠡᠯ᠂ ᠵᠢᠷᠦᠬᠡᠨ ᠲᠤᠰᠢᠶ᠎ᠠ ᠨᠢ ᠵᠡᠭᠦᠷᠮᠡᠭᠯᠡᠳᠡᠭ ᠴᠢᠯᠠᠭᠤ ᠨᠢ ᠪᠢ ᠪᠠᠶᠢᠭᠰᠠᠨ᠃ ᠤᠷᠢᠨ ᠢ ᠵᠠᠭᠤᠭᠠᠳ ᠢᠷᠡᠳᠡᠭ ᠰᠢᠪᠠᠭᠤᠳ   ᠨᠢ ᠡᠩᠭᠡᠷ ᠢ ᠮᠢᠨᠢ ᠨᠠᠯᠠᠭᠠᠳ ᠵᠢᠷᠭᠢᠬᠦ ᠳᠤ᠂ ᠢᠷᠠᠭᠤ ᠴᠡᠭᠡᠯᠬᠡᠨ ᠡᠭᠡᠰᠢᠭ ᠠᠶᠠᠯᠭᠤᠨ ᠢᠶᠠᠷ ᠨᠢ ᠬᠠᠭᠳᠠᠷᠠᠭᠠᠳ ᠤᠳᠠᠭᠰᠠᠨ ᠰᠡᠳᠬᠢᠯ ᠤᠨ ᠮᠢᠨᠢ ᠲᠦᠮᠡ ᠲᠦᠮᠡᠨ ᠴᠡᠴᠡᠭ ᠠᠮᠢᠯᠠᠵᠤ᠂ ᠲᠣᠮᠤᠭ ᠤᠨ ᠨᠢᠭᠤᠴᠠᠯᠢᠭ ᠥᠩᠭᠡ ᠪᠠᠷ ᠮᠢᠩᠭ᠎ᠠ ᠮᠢᠩᠭᠠᠨ ᠲᠡᠯᠪᠢ ᠪᠠᠨ ᠵᠠᠳᠠᠯᠳᠠᠭ᠃ ᠮᠥᠴᠢᠷ ᠠᠴᠠ ᠪᠠᠨ ᠡᠷᠲᠡ ᠲᠠᠰᠣᠷᠠᠬᠰᠠᠨ ᠥᠨᠥᠴᠢᠨ ᠨᠢᠭᠡᠨ ᠨᠠᠪᠴᠢ ᠥᠯᠮᠡᠢ ᠳᠤ ᠮᠢᠨᠢ ᠬᠡᠪᠲᠡᠭᠡᠳ ᠣᠭᠢᠯᠠᠬᠤ ᠳᠤ᠂ ᠪᠥᠭᠡᠴᠡᠶᠢᠯᠡᠨ ᠬᠤᠮᠢᠵᠤ ᠲᠡᠪᠡᠷᠢᠨ᠂ ᠠᠯᠢᠪᠠ ᠮᠥᠬᠦᠯ ᠨᠢ ᠪᠦᠷ ᠠᠮᠢᠯᠠᠯ ᠤᠨ ᠨᠦᠭᠦᠭᠡ ᠨᠢᠭᠡ ᠭᠡᠯᠪᠡᠷᠢ ᠭᠡᠳᠡᠭ ᠢ ᠣᠶᠢᠯᠠᠭᠠᠭᠤᠯᠤᠨ᠂ ᠦᠨᠳᠦᠰᠦ ᠤᠷᠤᠭᠤ ᠨᠢ ᠢᠯᠡᠭᠡᠳᠡᠭ᠃ ᠨᠡᠶᠢᠯᠡᠮᠡᠯ ᠲᠣᠮᠣ ᠨᠢᠳᠦᠨ ᠳᠡᠭᠡᠨ ᠳᠡᠯᠡᠬᠡᠢ ᠪᠠᠨ ᠪᠠᠭᠲᠠᠭᠠᠵᠤ ᠨᠢᠰᠦᠭᠰᠡᠨ ᠨᠦᠮᠵᠦᠭ ᠵᠢᠭᠠᠬᠠᠨ ᠥᠷᠥᠮᠡᠨ ᠬᠤᠯᠠᠭᠠᠶᠢᠴᠢ ᠮᠥᠷᠥᠨ ᠳᠡᠭᠡᠷ᠎ᠡ ᠮᠢᠨᠢ ᠰᠠᠭᠤᠭᠠᠳ ᠠᠮᠤᠰᠬᠢᠬᠤ ᠳᠤ᠂ ᠨᠢᠮᠭᠡᠨ ᠭᠡᠪᠡᠷᠡᠭᠭᠡᠨ ᠲᠠᠯᠠᠪᠴᠢ ᠶᠢᠨ ᠬᠢᠨᠢ ᠪᠣᠷᠣᠬᠠᠨ ᠲᠣᠭᠤᠰᠣ ᠶᠢ ᠬᠥᠩᠭᠡᠬᠡᠨ ᠦᠯᠢᠶᠡᠨ ᠰᠠᠷᠨᠢᠭᠤᠯᠵᠤ᠂ ᠳᠡᠪᠳᠡᠷᠢᠨ ᠬᠠᠯᠢᠬᠤ ᠲᠣᠭᠠᠯᠠᠩ ᠢᠶᠠᠷ ᠨᠢ ᠦᠨᠡᠨ ᠭᠤᠣᠯ ᠠᠴᠠ ᠪᠠᠨ ᠥᠷᠥ ᠡᠪᠡᠳᠦᠨ ᠬᠥᠭᠡᠷᠦᠬᠦᠶᠢᠯᠡᠵᠦ᠂ ᠨᠤᠷᠠᠵᠤ ᠳᠣᠲᠣᠭᠰᠢ ᠪᠠᠨ ᠲᠡᠰᠬᠡᠯ ᠦᠭᠡᠢ ᠱᠠᠷᠬᠢᠷᠠᠳᠠᠭ᠃ ᠰᠡᠭᠦᠳᠡᠷ ᠲᠠᠯ᠎ᠠ ᠶᠢ ᠮᠢᠨᠢ ᠲᠠᠭᠠᠵᠦ ᠤᠷᠭᠤᠭᠰᠠᠨ ᠠᠭᠢ ᠶᠢᠨ ᠠᠭᠠᠭ ᠬᠠᠩᠬᠤ ᠲᠠᠳᠠᠨ ᠠᠩᠬᠢᠯᠬᠤ ᠳᠤ᠂ ᠡᠭᠡᠯ ᠠᠮᠢᠳᠤᠷᠠᠯ ᠢᠶᠠᠨ ᠳᠠᠮᠨᠠᠭᠠᠳ ᠵᠥᠷᠢᠯᠳᠦᠳᠡᠭ ᠰᠢᠷᠭᠤᠯᠵᠢ ᠨᠢ ᠲᠡᠮᠲᠡᠷᠢᠭᠦᠯ ᠢᠶᠠᠨ ᠮᠥᠷᠭᠦᠯᠳᠦᠭᠦᠯᠦᠨ ᠮᠡᠨᠳᠦ ᠤᠰᠤ ᠪᠠᠨ ᠮᠡᠳᠡᠯᠴᠡᠵᠦ᠂ ᠬᠠᠲᠠᠭᠤᠬᠠᠨ ᠳᠠᠭᠠᠨ ᠳᠡᠩᠳᠡᠭᠦᠦ ᠬᠠᠲᠠᠭᠤᠬᠠᠨ ᠬᠤᠷᠸ᠎ᠠ ᠳᠤ ᠡᠩᠬᠡ ᠡᠰᠡᠨ ᠣᠷᠣᠰᠢᠵᠤ ᠲᠣᠭᠲᠠᠨᠢᠬᠤ ᠶᠢᠨ ᠠᠷᠭ᠎ᠠ ᠲᠡᠮ ᠢᠶᠠᠨ ᠰᠣᠯᠢᠯᠴᠠᠳᠠᠭ᠃ ᠠᠳᠤᠭᠤᠨ ᠤ ᠦᠨᠦᠷ ᠲᠠᠢ ᠵᠡᠷᠭᠡᠯᠭᠡ ᠨᠢ ᠬᠤᠷᠮᠣᠢ ᠶᠢ ᠦᠨᠦᠰᠦᠨ ᠵᠢᠷᠪᠢᠭᠢᠨᠡᠬᠦ ᠳᠤ᠂ ᠭᠠᠩᠭᠠᠷ ᠱᠠᠭᠠᠵᠠᠩ ᠰᠢᠭ᠋ ᠭᠥᠯᠢᠭᠡᠷ ᠮᠡᠳᠡᠷᠡᠮᠵᠢ ᠰᠤᠳᠠᠰᠤ ᠪᠠᠷ ᠮᠢᠨᠢ ᠵᠢᠷᠢᠯᠵᠡᠵᠦ᠂ ᠣᠢ ᠰᠠᠨᠠᠮᠵᠢᠨ ᠤ ᠡᠴᠢᠨ᠎ᠡ ᠲᠠᠯᠳᠠ ᠠᠴᠠ ᠪᠢᠯᠢᠭ ᠤᠨ ᠡᠭᠦᠯᠡᠰ ᠨᠠᠭᠠᠰᠢᠯᠠᠵᠤ᠂ ᠰᠢᠯᠦᠭ ᠤᠨ ᠪᠣᠷᠤᠭ᠎ᠠ ᠱᠠᠭᠢᠳᠠᠭ᠃ ᠣᠢ ᠶᠢᠨ ᠮᠥᠴᠢᠷ ᠲᠠᠮᠵᠢᠨ ᠳᠡᠭᠦᠯᠢᠳᠡᠭ ᠬᠡᠷᠡᠮᠦ ᠨᠢ ᠠᠮᠢᠰᠬᠤᠭ᠎ᠠ ᠶᠢ ᠮᠢᠨᠢ ᠴᠢᠩᠨᠠᠭᠠᠳ ᠳᠤᠭᠵᠢᠷᠠᠬᠤ ᠳᠤ᠂ ᠪᠡᠶᠡᠨ ᠤ ᠬᠢᠨᠢ ᠢᠯᠴᠢ ᠪᠠᠷ ᠪᠠᠶᠢᠭᠠᠯᠢᠯᠢᠭ ᠠᠷᠢᠭᠤᠨ ᠴᠢᠨᠠᠷ ᠳᠣᠲᠣᠭᠰᠢᠯᠠᠵᠤ᠂ ᠬᠥᠨᠳᠡᠢ ᠴᠡᠭᠡᠵᠢᠨ ᠳᠤ ᠮᠢᠨᠢ ᠨᠢᠭᠤᠭᠳᠠᠭᠰᠠᠨ ᠡᠷᠲᠡᠨ ᠤ ᠨᠢᠭᠡᠨ ᠰᠤᠳᠤᠷ ᠤᠨ ᠲᠠᠰᠤᠷᠬᠠᠢ ᠰᠢᠵᠢᠷᠳᠡᠨ ᠲᠤᠶᠠᠭᠠᠷᠠᠵᠤ᠂ ᠡᠰ ᠮᠡᠳᠡᠷᠡᠯ ᠪᠦᠭᠦᠨ ᠮᠠᠨᠢ ᠨᠣᠮ ᠤᠨ ᠰᠢᠮ᠎ᠡ ᠪᠠᠷ ᠠᠷᠢᠭᠤᠰᠳᠠᠭ᠃       ᠡᠬᠡ ᠣᠷᠣᠨ ᠢᠶᠠᠨ ᠪᠢ ᠲᠠᠯᠠᠢ ᠭᠡᠪᠡᠯ᠂ ᠡᠩ ᠦᠭᠡᠢ ᠠᠭᠤᠳᠠᠮ ᠳᠤᠨᠢ ᠪᠦᠪᠡᠶᠢᠯᠡᠭᠳᠡᠳᠡᠭ ᠲᠣᠰᠣᠯ ᠤᠰᠤ ᠨᠢ ᠪᠢ ᠪᠠᠶᠢᠭᠰᠠᠨ᠃ ᠬᠥᠭᠡᠷᠦᠬᠦᠨ ᠬᠥᠭᠡᠷᠦᠬᠦᠨ ᠵᠢᠭᠠᠰᠤ ᠨᠤᠭᠤᠳ ᠬᠠᠵᠠᠭᠤᠬᠠᠨ ᠢᠶᠠᠷ ᠰᠦᠷᠭᠢᠭᠡᠳ ᠥᠩᠭᠡᠷᠡᠬᠦ ᠳᠤ᠂ ᠠᠮᠤᠷ ᠠᠮᠤᠭᠤᠯᠠᠩ ᠢ ᠨᠢ ᠵᠥᠩᠨᠡᠭᠡᠳ᠂ ᠠᠰᠢᠳᠠ ᠶᠢᠨ ᠰᠠᠶᠢᠬᠠᠨ ᠢᠷᠦᠭᠡᠯ ᠳᠡᠭᠡᠨ ᠥᠭᠭᠢᠶᠡᠮᠦᠷ ᠬᠤᠷ᠎ᠠ ᠵᠡᠭᠦᠳᠦᠯᠡᠳᠡᠭ᠃ ᠰᠡᠷᠭᠦᠯᠡᠩ ᠠᠪᠬᠠᠯᠵᠢᠲᠤ ᠵᠠᠮᠠᠭ ᠨᠢ ᠣᠭ᠍ᠶᠤ ᠨᠣᠭᠤᠭᠠᠨ ᠮᠣᠳᠣᠷ ᠢᠶᠠᠨ ᠰᠠᠵᠢᠯᠠᠭᠤᠯᠤᠨ ᠪᠥᠵᠢᠬᠦ ᠳᠤ᠂ ᠨᠥᠮᠥᠷᠢ ᠳᠤᠨᠢ ᠬᠤᠷᠭᠤᠳᠠᠨ ᠬᠢᠵᠠᠭᠠᠷ ᠦᠭᠡᠢ ᠪᠠᠶᠠᠷ ᠢ ᠨᠢ ᠬᠤᠪᠢᠶᠠᠯᠴᠠᠨ ᠪᠠᠶᠠᠰᠴᠤ᠂ ᠣᠯᠳᠠᠭᠰᠠᠨ ᠵᠠᠶᠠᠭᠠᠨ ᠤ ᠪᠠᠨ ᠬᠡᠰᠢᠭ ᠲᠤ ᠵᠠᠯᠪᠠᠷᠢᠨ᠂ ᠦᠯᠡᠮᠵᠢ ᠶᠢᠨ ᠲᠠᠶᠢᠪᠤᠩ ᠢ ᠬᠦᠰᠡᠳᠡᠭ᠃ ᠲᠡᠷᠭᠡᠯ ᠤᠯᠠᠭᠠᠨ ᠰᠠᠷᠠ ᠤᠷᠤᠰᠬᠠᠯ ᠤᠨ ᠬᠢᠨᠢ ᠭᠦᠨ ᠳᠤ ᠬᠥᠯᠯᠡᠬᠦ ᠳᠤ᠂ ᠽᠠᠨᠳᠠᠨ ᠮᠣᠳᠣᠨ ᠳᠣᠣᠷ᠎ᠠ ᠬᠡᠪᠲᠡᠳᠡᠭ ᠭᠠᠨᠳᠢᠭ ᠴᠠᠭᠠᠨ ᠲᠠᠤᠯᠠᠢ ᠶᠢᠨ ᠬᠢᠨᠢ ᠴᠢᠬᠢ ᠨᠢ ᠪᠣᠯᠵᠤ ᠰᠡᠷᠳᠡᠯᠵᠡᠨ᠂ ᠭᠠᠳᠠᠭᠠᠳᠤ ᠣᠷᠴᠢᠨ ᠤ ᠰᠣᠨᠢᠨ ᠰᠣᠳᠣᠨ ᠰᠣᠨᠣᠰᠬᠠᠯ ᠢᠶᠠᠷ ᠰᠣᠨᠣᠷ ᠢᠶᠠᠨ ᠮᠢᠯᠢᠶᠠᠳᠠᠭ᠃ ᠬᠥᠮᠥᠨ ᠤ ᠴᠣᠪᠣᠭᠤ ᠴᠣᠯᠭᠢᠨ ᠦᠷᠡᠰ ᠠᠪᠤᠷᠠᠬᠤ ᠭᠦᠪᠦᠪᠦᠷ ᠢᠶᠠᠷ ᠳᠡᠭᠳᠡᠨ᠂ ᠤᠰᠤ ᠴᠠᠯᠭᠢᠭᠤᠯᠤᠨ ᠤᠮᠪᠠᠨ ᠨᠠᠭᠠᠳᠴᠤ᠂ ᠨᠢᠷᠠᠢ ᠬᠤᠩᠭᠤᠷ ᠲᠠᠭᠤᠨ ᠢᠶᠠᠷ ᠴᠢᠩᠭᠢᠨᠡᠨ ᠵᠢᠩᠭᠢᠨᠡᠨ ᠢᠨᠢᠶᠡᠯᠳᠦᠬᠦ ᠳᠤ᠂ ᠬᠤᠷᠴᠠ ᠠᠯᠠᠭ ᠨᠢᠳᠦᠨ ᠤ ᠬᠢᠨᠢ ᠰᠣᠷᠮᠤᠤᠰᠤᠨ ᠳᠤ ᠭᠢᠯᠲᠠᠭᠠᠨᠠᠵᠤ᠂ ᠲᠣᠩ ᠰᠢᠭ᠋ ᠭᠡᠨᠡᠨ ᠶᠢᠷᠲᠢᠨᠴᠦ ᠶᠢᠨ ᠬᠢᠨᠢ ᠳᠣᠲᠣᠭᠠᠳᠤ ᠴᠢᠨᠠᠳᠤ ᠤᠷᠤᠭᠤ ᠥᠩᠭᠡᠶᠢᠳᠡᠭ᠃ ᠤᠨᠠᠵᠤ ᠪᠤᠰᠬᠤ ᠶᠢᠨ ᠳᠠᠪᠠᠭᠠᠨ ᠳᠡᠭᠡᠷ᠎ᠡ ᠬᠠᠳᠠ ᠰᠠᠭᠤᠵᠤ ᠬᠠᠰᠢᠷᠵᠢᠭᠰᠠᠨ ᠲᠣᠮᠣᠴᠤᠤᠯ ᠲᠠᠩ ᠤᠨ ᠰᠢᠷᠦ᠋ᠢᠨ ᠳᠡᠭᠡᠷ᠎ᠡ ᠨᠠᠷᠠᠯᠠᠨ ᠡᠭᠡᠭᠡᠬᠦ ᠳᠤ᠂ ᠡᠶᠡᠯᠳᠡᠩᠭᠡᠨ ᠮᠦᠰᠢᠶᠡᠯ ᠤᠨ ᠬᠢᠨᠢ ᠳᠣᠯᠭᠢᠰ ᠪᠣᠯᠵᠤ᠂ ᠠᠮᠢᠨ ᠠᠴᠠ ᠨᠢ ᠤᠨᠠᠭᠰᠠᠨ ᠠᠮᠢᠨ ᠤ ᠬᠢᠨᠢ ᠴᠢᠰᠤᠨ ᠳᠤ ᠨᠢ ᠨᠡᠪᠴᠢᠵᠦ ᠤᠷᠤᠰᠳᠠᠭ᠃ ᠡᠬᠡ ᠣᠷᠣᠨ ᠢᠶᠠᠨ ᠪᠢ ᠤᠷᠠᠯᠢᠭ ᠭᠡᠪᠡᠯ᠂ ᠣᠩᠭᠤᠳ ᠳᠠᠯᠠᠯᠳᠠᠭ ᠬᠠᠷᠠᠩᠭᠤᠢ ᠶᠢᠨ ᠭᠡᠭᠡ ᠨᠢ ᠪᠢ ᠪᠠᠶᠢᠭᠰᠠᠨ᠃ ᠨᠠᠮᠤᠷ ᠢᠶᠠᠷ ᠪᠤᠴᠠᠭᠠᠳ᠂ ᠬᠠᠪᠤᠷ ᠢᠶᠠᠷ ᠡᠷᠭᠢᠳᠡᠭ ᠭᠠᠯᠠᠭᠤᠳ ᠤᠨ ᠴᠤᠪᠤᠭᠠᠨ ᠳᠤ ᠰᠢᠨᠠᠯᠤᠭᠰᠠᠨ ᠰᠢᠯᠦᠭᠴᠢ ᠶᠢᠨ ᠡᠮᠵᠡᠭᠬᠡᠨ ᠰᠡᠷᠡᠯ ᠢ ᠦᠭᠡ ᠶᠢᠨ ᠰᠦ ᠪᠠᠷ ᠤᠮᠳᠠᠯᠠᠵᠤ᠂ ᠭᠠᠭᠴᠠᠭᠠᠷᠳᠠᠯ ᠰᠦᠮᠡᠯᠵᠡᠭᠰᠡᠨ ᠪᠢᠷ ᠤᠨ ᠬᠢᠨᠢ ᠦᠵᠦᠭᠦᠷ ᠲᠤ ᠣᠳᠣᠳ ᠤᠨ ᠭᠡᠭᠡ ᠪᠣᠯᠵᠤ ᠲᠤᠨᠤᠷᠠᠳᠠᠭ᠃ ᠵᠡᠭᠡᠰᠦᠨ ᠲᠦᠷᠦᠭᠦᠦ ᠰᠢᠷᠭᠠᠯᠲᠤᠨ᠂ ᠨᠠᠭᠤᠷ ᠤᠨ ᠮᠡᠯᠮᠡᠢ ᠥᠨᠥᠴᠢᠷᠡᠬᠦ ᠳᠤ᠂ ᠵᠢᠷᠦᠬᠡ ᠨᠢ ᠭᠦᠨᠳᠡᠭᠦᠷᠢᠯᠡᠭᠰᠡᠨ ᠵᠢᠷᠤᠭᠠᠴᠢ ᠶᠢᠨ ᠪᠤᠳᠤᠭ ᠤᠨ ᠬᠠᠪᠲᠠᠰᠤᠨ ᠳᠤ ᠵᠦᠷᠵᠢ ᠶᠢᠨ ᠤᠯᠠᠪᠤᠷ ᠥᠩᠭᠡ ᠪᠣᠯᠣᠨ ᠵᠢᠭᠤᠷᠠᠭᠳᠠᠳᠠᠭ᠃ ᠨᠠᠮᠤᠷ ᠭᠦᠨᠰᠢᠵᠦ᠂ ᠪᠤᠭᠤ ᠤᠷᠤᠮᠳᠠᠬᠤ ᠳᠤ ᠨᠤᠲᠤᠭ ᠢᠶᠠᠨ ᠳᠤᠷᠠᠰᠤᠨ ᠭᠡᠶᠦᠷᠡᠭᠰᠡᠨ ᠳᠠᠭᠤᠴᠢᠨ ᠤ ᠬᠤᠭᠤᠯᠠᠢ ᠶᠢᠨ ᠵᠠᠩᠭᠢᠷᠠᠯ ᠢ ᠠᠮᠠᠷᠠᠭ ᠵᠥᠭᠡᠯᠡᠨ ᠢᠯᠪᠢᠭᠡ ᠪᠠᠷ ᠲᠣᠬᠤᠨᠢᠭᠤᠯᠵᠤ᠂ ᠬᠠᠳᠠ ᠠᠴᠠ ᠬᠠᠳᠠ ᠲᠠᠮᠵᠢᠨ ᠴᠤᠤᠷᠢᠶᠠᠯᠠᠭᠰᠠᠨ ᠤᠶᠠᠩᠭᠠᠨ ᠡᠭᠡᠰᠢᠭ ᠤᠨ ᠬᠢᠨᠢ ᠲᠣᠷᠭᠠᠨ ᠨᠣᠲ ᠪᠣᠯᠵᠤ ᠳᠠᠭᠤᠷᠢᠰᠳᠠᠭ᠃ ᠪᠣᠲᠣᠭᠤ ᠪᠦᠢᠯᠠᠭᠠᠳ᠂ ᠢᠩᠭᠡ ᠲᠡᠰᠢᠬᠦ ᠳᠤ᠂ ᠤᠶᠠᠷᠠᠯ ᠢᠶᠠᠨ ᠲᠡᠪᠴᠢᠵᠦ ᠶᠠᠳᠠᠨ᠂ ᠮᠣᠷᠢᠨ ᠬᠤᠭᠤᠷ ᠢᠶᠠᠨ ᠰᠢᠭᠦᠷᠦᠭᠰᠡᠨ ᠬᠥᠭᠵᠢᠮᠴᠢᠨ ᠤ ᠬᠤᠷᠤᠭᠤᠨ ᠦᠵᠦᠭᠦᠷ ᠤᠨ ᠰᠢᠳᠢ ᠪᠣᠯᠵᠤ᠂ ᠬᠤᠷᠸ᠎ᠠ ᠶᠢ ᠬᠤᠶᠠᠷᠬᠠᠨ ᠤᠲᠠᠰᠤᠨ᠎ᠠ ᠬᠥᠭᠯᠡᠳᠡᠭ᠃ ᠱᠠᠨᠵᠠᠨ ᠡᠭᠡᠰᠢᠭ ᠤᠶᠠᠩᠭᠠᠷᠠᠵᠤ᠂ ᠲᠣᠯᠣᠭᠠᠨ ᠤᠲᠠᠰᠤᠲᠤ ᠬᠥᠭᠵᠢᠮ ᠵᠢᠩᠭᠢᠷᠰᠡᠭᠦ ᠳᠤ᠂ ᠤᠷᠮ᠎ᠠ ᠪᠠᠳᠠᠷᠠᠭᠰᠠᠨ ᠤᠷᠠᠨ ᠪᠢᠴᠢᠯᠭᠡᠲᠡᠨ‌‍ᠤ ᠤᠷᠮᠠᠰ ᠰᠡᠳᠬᠢᠯᠭᠡ ᠶᠢ ᠬᠥᠪᠴᠢᠯᠡᠵᠦ᠂ ᠢᠳᠡᠷᠡᠭᠦᠨ ᠠᠮᠢᠳᠤᠯᠢᠭ ᠪᠦᠲᠦᠭᠡᠯ ᠤᠨ ᠬᠢᠨᠢ ᠢᠳᠡᠯᠢᠭ ᠴᠢᠯᠦᠭᠡᠲᠡᠢ ᠵᠢᠷᠤᠯᠭ᠎ᠠ ᠪᠤᠯᠳᠠᠭ᠃       ᠡᠬᠡ ᠣᠷᠣᠨ ᠢᠶᠠᠨ ᠪᠢ ᠬᠠᠪᠤᠷ ᠭᠡᠪᠡᠯ᠂ ᠬᠠᠮᠤᠭ ᠤᠨ ᠲᠦᠷᠦᠭᠦᠨ ᠳᠤ ᠳᠡᠯᠭᠡᠳᠡᠭ ᠢᠷᠭᠤᠢ ᠨᠢ ᠪᠢ ᠪᠠᠶᠢᠭᠰᠠᠨ᠃ ᠬᠦᠢᠲᠡᠨ ᠤ ᠡᠷᠴᠢ ᠬᠠᠷᠢᠭᠤᠯᠤᠨ᠂ ᠨᠡᠭᠦᠳᠡᠯ ᠤᠨ ᠰᠢᠪᠠᠭᠤᠨ ᠤ ᠠᠮᠤᠷ ᠢ ᠠᠰᠠᠭᠤᠵᠤ ᠭᠡᠰᠡᠷ ᠢᠶᠠᠨ ᠳᠡᠪᠢᠰᠬᠦ ᠳᠤ᠂ ᠢᠴᠢᠭᠡᠨ ᠤ ᠲᠠᠷᠪᠠᠭ᠎ᠠ ᠨᠦᠭᠡᠨ ᠠᠴᠠ ᠪᠠᠨ ᠪᠤᠯᠲᠠᠶᠢᠵᠤ᠂ ᠳᠤᠷᠠᠯᠠᠯ ᠲᠠᠭᠤᠯᠠᠩᠬᠠᠨ ᠲᠣᠷᠮᠣᠶᠢᠳᠠᠭ᠃ ᠨᠢᠯ ᠴᠡᠩᠬᠡᠷ ᠲᠠᠯᠪᠢᠨ ᠤ ᠮᠢᠨᠢ ᠤᠶᠠᠬᠠᠨ ᠳᠤ ᠬᠠᠶᠢᠯᠠᠭᠰᠠᠨ ᠲᠡᠯᠡᠮᠡᠨ ᠵᠢᠷᠤᠭ᠎ᠠ ᠰᠠᠯᠬᠢᠨ ᠭᠦᠶᠦᠳᠡᠯ ᠵᠣᠭᠰᠣᠭᠠᠨ᠂ ᠬᠤᠯᠠᠨ ᠰᠢᠷᠭᠠᠯ ᠲᠡᠷᠡᠰᠦᠨ ᠤ ᠨᠠᠮᠠᠭᠠᠨ ᠳᠤ ᠬᠠᠪᠤᠷᠵᠢᠵᠤ᠂ ᠡᠷᠲᠡ ᠰᠡᠷᠡᠭᠰᠡᠨ ᠡᠷᠪᠡᠬᠡᠢ ᠶᠢᠨ ᠵᠢᠭᠦᠷ ᠳᠡᠭᠡᠷ᠎ᠡ ᠲᠥᠯ ᠤᠨ ᠮᠠᠶᠢᠯᠠᠭᠠᠨ ᠢ ᠵᠢᠷᠤᠳᠠᠭ᠃ ᠠᠩᠭᠢᠷ ᠤᠨ ᠬᠠᠯᠢᠭᠤᠨ ᠵᠤᠯᠵᠠᠭ᠎ᠠ ᠭᠠᠩᠭᠠᠨᠠᠭᠠᠳ ᠳᠡᠷᠭᠡᠳᠡ ᠠᠴᠠ ᠳᠡᠭᠦᠯᠢᠬᠦ ᠳᠤ᠂ ᠰᠠᠯᠬᠢᠨ ᠪᠣᠷᠣᠭᠠᠨ ᠳᠤ ᠵᠢᠭᠦᠷ ᠨᠢ ᠦᠯᠦ ᠴᠤᠴᠠᠬᠤ ᠶᠢᠨ ᠵᠥᠩᠨᠡᠯ ᠪᠡᠯᠭᠡᠳᠡᠯ ᠢᠶᠠᠨ ᠳᠡᠪᠰᠢᠭᠦᠯᠦᠨ ᠰᠠᠷᠠᠪᠴᠢᠯᠠᠨ ᠰᠠᠷᠠᠪᠴᠢᠯᠠᠨ ᠪᠠᠷᠠᠯᠠᠳᠠᠭ᠃ ᠲᠣᠯᠣᠩ ᠤᠨ ᠶᠠᠭᠠᠨ ᠲᠣᠶᠠᠭᠠᠨ᠎ᠠ ᠵᠢᠷᠦᠬᠡᠨ ᠴᠣᠬᠢᠯᠭ᠎ᠠ ᠪᠠᠨ ᠠᠨᠢᠷᠯᠠᠭᠰᠠᠨ ᠳᠤᠷᠠᠯᠠᠯᠲᠤ ᠬᠤᠣᠰ ᠤᠨ ᠢᠨᠠᠭᠬᠠᠨ ᠠᠯᠬᠤᠭ᠎ᠠ ᠰᠣᠳᠣᠨ ᠭᠤᠴᠣ ᠦᠨᠦᠷ ᠢᠶᠠᠷ ᠮᠢᠨᠢ ᠣᠶᠢᠷᠠᠲᠤᠬᠤ ᠳᠤ᠂ ᠬᠠᠳᠠᠨ ᠪᠠᠲᠤ ᠲᠠᠩᠭᠠᠷᠢᠭ ᠢ ᠨᠢ ᠴᠢᠩᠨᠠᠵᠤ᠂ ᠠᠯᠤᠰ ᠤᠨ ᠠᠶᠠᠨ ᠢ ᠨᠢ ᠲᠡᠮᠪᠡᠷᠢᠯᠳᠦ ᠦᠭᠡᠰ ᠢᠶᠠᠷ ᠮᠢᠯᠢᠶᠠᠳᠠᠭ᠃ ᠮᠥᠩᠭᠦᠨ ᠰᠣᠷ ᠲᠠᠢ ᠬᠠᠯᠢᠮᠠᠭ ᠢᠶᠠᠨ ᠢᠯᠢᠭᠰᠡᠨ ᠡᠪᠦᠭᠡᠳ ᠤᠷᠢᠨ ᠢᠷᠡᠵᠦ ᠳ᠋ᠠ ᠬᠡᠮᠡᠨ ᠥᠭᠡᠳᠡ ᠠᠴᠠ ᠮᠢᠨᠢ ᠰᠢᠷᠳᠡᠭᠡᠳ ᠵᠣᠬᠰᠣᠬᠤ ᠳᠤ᠂ ᠠᠳᠤᠭᠤᠨ ᠤ ᠡᠷᠢᠯ ᠢᠶᠠᠷ ᠮᠣᠷᠳᠠᠭᠰᠠᠨ ᠢᠳᠡ ᠨᠠᠰᠣᠨ ᠤ ᠣᠮᠤᠭ ᠵᠣᠷᠢᠭ ᠢ ᠨᠢ ᠡᠷᠢᠭᠳᠡᠭᠦᠯᠦᠨ᠂ ᠨᠠᠰᠣᠨ ᠤ ᠡᠷᠬᠡ ᠪᠠᠷ ᠡᠶᠡᠷᠡᠵᠦ ᠵᠥᠭᠡᠯᠡᠷᠡᠭᠰᠡᠨ ᠬᠠᠷᠠᠴᠠᠨ ᠤ ᠬᠢᠨᠢ ᠭᠠᠯ ᠪᠣᠯᠣᠨ ᠠᠰᠠᠳᠠᠭ᠃ ᠥᠷᠥᠰᠢᠶᠡᠩᠭᠦᠢ ᠨᠢᠭᠦᠯᠡᠰᠦᠩᠭᠦᠢ ᠰᠠᠮᠠᠭᠠᠨ ᠪᠤᠭᠤᠷᠤᠯ ᠡᠮᠡᠭᠡᠳ ᠰᠠᠶᠢᠬᠠᠨ ᠢ ᠮᠢᠨᠢ ᠱᠠᠭᠰᠢᠷᠠᠭᠠᠳ ᠰᠥᠬᠦᠷᠡᠬᠦ ᠳᠤ᠂ ᠦᠷ ᠤᠨ ᠭᠡᠭᠡ ᠤᠭᠲᠤᠨ ᠰᠠᠭᠠᠯᠢ ᠶᠢᠨ ᠵᠡᠯ᠎ᠡ ᠪᠠᠨ ᠴᠢᠭᠯᠡᠨ ᠭᠠᠩᠬᠤᠭᠰᠠᠨ ᠣᠷᠢ ᠽᠠᠨᠳᠠᠨ ᠨᠠᠰᠣᠨ ᠤ ᠬᠢᠨᠢ ᠤᠶᠠᠬᠠᠨ ᠳᠤᠷᠠᠰᠤᠮᠵᠢ ᠳᠤᠨᠢ ᠣᠶᠢᠷᠠᠲᠤᠭᠤᠯᠤᠨ᠂ ᠬᠡᠭᠡᠮᠰᠦᠭ ᠶᠠᠪᠤᠭᠰᠠᠨ ᠤ ᠬᠢᠨᠢ ᠭᠡᠷᠡᠴᠢ ᠪᠣᠯᠵᠤ ᠴᠡᠩᠬᠡᠷᠯᠡᠳᠡᠭ᠃       ᠡᠬᠡ ᠣᠷᠣᠨ ᠢᠶᠠᠨ ᠪᠢ ᠵᠣᠨ ᠭᠡᠪᠡᠯ᠂ ᠬᠠᠯᠠᠭᠤᠨ ᠢ ᠠᠷᠭᠠᠳᠠᠳᠠᠭ ᠲᠠᠰᠢᠭᠤ ᠰᠣᠪᠤᠳᠣᠨ ᠪᠣᠷᠤᠭ᠎ᠠ ᠨᠢ ᠪᠢ ᠪᠠᠶᠢᠭᠰᠠᠨ᠃ ᠰᠡᠷᠢᠭᠦᠨ ᠤ ᠲᠤᠤᠯᠢ ᠬᠠᠶᠢᠯᠠᠨ ᠵᠦᠰᠡᠷᠡᠨ ᠵᠦᠰᠡᠷᠡᠨ ᠱᠠᠭᠢᠬᠤ ᠳᠤ᠂ ᠨᠣᠶᠢᠷᠮᠣᠭᠯᠠᠨ ᠳᠣᠬᠢᠯᠵᠠᠭᠰᠠᠨ ᠤᠨᠠᠭ᠎ᠠ ᠲᠠᠭ᠎ᠠ ᠣᠩᠭᠤᠯᠳᠣᠨ ᠴᠣᠪᠬᠤᠴᠢᠵᠤ᠂ ᠠᠨᠢᠰᠬ᠎ᠠ ᠪᠠᠨ ᠵᠣᠳᠣᠯᠳᠤᠭᠤᠯᠤᠭᠰᠠᠨ ᠬᠤᠷᠠᠭ᠎ᠠ ᠢᠰᠢᠭᠡ ᠰᠡᠷᠪᠡᠯᠵᠡᠨ ᠲᠣᠭᠯᠠᠳᠠᠭ᠃ ᠶᠡᠭᠡ ᠠᠩᠭᠠᠭᠰᠠᠨ ᠡᠪᠡᠰᠦ ᠨᠣᠭᠤᠭᠠᠨ ᠤ ᠣᠮᠣᠭᠤᠯᠲᠤᠭᠰᠠᠨ ᠣᠷᠣᠭᠤᠯ ᠳᠤ ᠰᠢᠪᠰᠢᠨ ᠰᠢᠪᠰᠢᠨ ᠠᠭᠤᠰᠬᠤ ᠳᠤ᠂ ᠪᠤᠶᠠᠨᠰᠠᠭ ᠰᠡᠳᠬᠢᠯ ᠤᠨ ᠭᠡᠭᠡᠨ ᠲᠤᠩᠭᠠᠯᠠᠭ ᠴᠢᠨᠠᠷ ᠲᠤ᠂ ᠣᠶᠣᠨ ᠰᠠᠨᠠᠭ᠎ᠠ᠂ ᠠᠮᠢ ᠨᠠᠰᠣᠨ ᠤ ᠤᠳᠬ᠎ᠠ ᠠᠭᠤᠯᠭ᠎ᠠ ᠴᠡᠪᠡᠷᠰᠢᠳᠡᠭ᠃ ᠠᠯᠠᠭ᠎ᠠ ᠪᠠᠨ ᠳᠤᠰᠤᠭᠰᠠᠨ ᠪᠦᠭᠦᠨ ᠤ ᠵᠤᠯᠠᠢ ᠶᠢ ᠳᠡᠪᠲᠦᠭᠡᠨ ᠰᠢᠪᠡᠷᠡᠨ ᠰᠢᠪᠡᠷᠡᠨ ᠣᠷᠣᠵᠤ᠂ ᠨᠠᠮ ᠳᠥᠯᠭᠡᠨ ᠬᠢᠭᠡᠳ ᠲᠡᠰᠪᠦᠷᠢ ᠲᠡᠪᠴᠢᠶᠡᠷᠢ ᠪᠠᠷ ᠭᠠᠰᠢᠭᠤᠨ ᠬᠢᠭᠡᠳ ᠰᠢᠬᠢᠷᠯᠢᠭ ᠢ ᠰᠦᠯᠵᠢᠨ᠂ ᠬᠥᠮᠥᠨ ᠤ ᠠᠮᠢᠳᠤᠷᠠᠯ ᠤᠨ ᠵᠣᠯ ᠵᠢᠷᠭᠠᠯᠲᠤ ᠬᠠᠭᠤᠳᠠᠰᠤ ᠶᠢ ᠪᠦᠲᠦᠭᠡᠳᠡᠭ᠃ ᠲᠡᠷᠡᠰᠦ ᠨᠠᠶᠢᠭᠤᠨ᠂ ᠵᠡᠭᠡᠰᠦ ᠱᠤᠤᠭᠢᠭᠰᠠᠨ ᠴᠡᠩᠬᠡᠷ ᠨᠠᠭᠤᠷ ᠤᠨ ᠤᠰᠤ ᠶᠢ ᠴᠠᠭᠠᠷᠢᠭ ᠲᠡᠯᠭᠡᠭᠦᠯᠦᠨ ᠪᠠᠭᠤᠵᠤ᠂ ᠨᠠᠮ ᠲᠠᠶᠢᠪᠤᠭᠤ ᠣᠷᠣᠰᠢᠬᠤᠢ ᠶᠢᠨ ᠨᠢᠭᠡᠨ ᠶᠣᠰᠣᠨ ᠢ ᠬᠦᠦᠷᠨᠢᠨ᠂ ᠰᠢᠨᠤᠯ ᠨᠢ ᠲᠠᠩᠳᠠᠵᠤ ᠪᠦᠳᠦᠷᠢᠭᠰᠡᠨ ᠨᠢᠭᠡᠨ ᠤ ᠪᠠᠨ ᠰᠡᠳᠬᠢᠯ ᠤᠨ ᠭᠬᠢᠷ ᠲᠣᠭᠤᠰᠣ ᠶᠢ ᠠᠷᠢᠭᠤᠰᠬᠠᠨ᠂ ᠪᠤᠬᠢᠨᠢᠳᠤᠯ ᠬᠠᠷᠠᠭᠤᠰᠣᠯ ᠢ ᠨᠢ ᠦᠯᠳᠡᠨ᠂ ᠭᠡᠭᠡᠨ ᠵᠦᠭ ᠲᠤ ᠤᠬᠠᠭᠠᠷᠠᠭᠤᠯᠤᠨ ᠬᠥᠲᠥᠯᠳᠡᠭ᠃ ᠬᠥᠮᠥᠨ ᠤ ᠬᠤᠷᠸ᠎ᠠ ᠶᠢᠨ ᠨᠠᠷᠭᠢᠶᠠᠨ ᠱᠤᠤᠭᠢᠶᠠᠨ ᠢ ᠨᠠᠮᠳᠠᠭᠠᠨ ᠰᠢᠪᠰᠢᠵᠦ᠂ ᠵᠠᠯᠬᠠᠭᠤ ᠬᠤᠶᠢᠷᠭᠤ ᠳᠠᠭᠠᠨ ᠲᠡᠶᠢᠯᠳᠡᠨ᠂ ᠨᠣᠶᠢᠷᠮᠤᠭ ᠨᠢᠳᠦᠯᠡᠭᠰᠡᠨ ᠬᠡᠨ ᠨᠢᠭᠡᠨ ᠤ ᠬᠢᠨᠢ ᠭᠡᠭᠡᠪᠴᠢ ᠶᠢ ᠲᠣᠬᠰᠢᠨ᠂ ᠡᠷᠢᠨ ᠴᠠᠭ ᠤᠨ ᠭᠠᠪᠰᠢᠭᠠᠶᠢᠯᠠᠭᠴᠢᠳ ᠤᠨ ᠬᠠᠳᠠᠨ ᠴᠢᠷᠮᠠᠶᠢᠯᠭ᠎ᠠ ᠶᠢ ᠲᠣᠭᠤᠯᠭᠠᠨ᠂ ᠥᠭᠡᠳᠡ ᠪᠠᠨ ᠥᠭᠡᠳᠡ ᠪᠠᠨ ᠬᠡᠮᠡᠨ ᠡᠷᠴᠢ ᠵᠣᠷᠢᠭ ᠢ ᠨᠢ ᠬᠥᠪᠴᠢᠯᠡᠵᠦ ᠠᠷᠭᠠᠳᠠᠳᠠᠭ᠃       ᠡᠬᠡ ᠣᠷᠣᠨ ᠢᠶᠠᠨ ᠪᠢ ᠨᠠᠮᠤᠷ ᠭᠡᠪᠡᠯ᠂ ᠡᠮᠦᠨ᠎ᠡ ᠶᠢ ᠵᠣᠷᠢᠭᠰᠠᠨ ᠬᠠᠷᠢᠶᠠᠴᠠᠢ ᠶᠢᠨ ᠦᠯᠡᠳᠡᠭᠡᠵᠦ ᠬᠤᠴᠣᠷᠭᠠᠭᠰᠠᠨ ᠦᠳᠦ ᠨᠢ ᠪᠢ ᠪᠠᠶᠢᠭᠰᠠᠨ᠃ ᠰᠠᠯᠤᠨ ᠶᠠᠳᠠᠯᠳᠠ ᠬᠢᠭᠡᠳ ᠦᠳᠡᠨ ᠮᠣᠷᠳᠠᠭᠤᠯᠤᠯᠳᠠ ᠶᠢᠨ ᠬᠢᠯᠢ ᠳᠡᠭᠡᠷ᠎ᠡ ᠬᠤᠷᠢᠶᠠᠯᠲᠠ ᠶᠢᠨ ᠠᠯᠳᠠᠨ ᠵᠢᠮᠢᠰ ᠠᠮᠰᠠᠭᠴᠢ ᠶᠢᠨ ᠪᠠᠶᠠᠷ ᠭᠤᠨᠢᠭ ᠢ ᠠᠴᠢᠨ ᠳᠡᠭᠳᠡᠨ ᠲᠣᠨᠣᠵᠦ᠂ ᠠᠬᠢᠨ ᠵᠣᠯᠭᠠᠬᠤ ᠶᠢᠨ ᠬᠤᠪᠢ ᠪᠠᠷᠢᠯᠳᠤᠯᠭ᠎ᠠ ᠶᠢ ᠬᠥᠮᠥᠨ ᠵᠣᠨ ᠳᠠᠭᠠᠨ ᠲᠣᠭᠤᠯᠭᠠᠳᠠᠭ᠃ ᠭᠤᠯᠢᠶ᠎ᠠ ᠬᠥᠭᠵᠢᠮᠳᠡᠬᠦ ᠵᠢᠩᠳᠡᠭᠦᠨ ᠦᠳᠡᠰᠢ ᠪᠠᠷ ᠰᠠᠷᠠ ᠵᠦᠰᠦᠨ ᠨᠠᠮᠢᠷᠠᠵᠤ᠂ ᠣᠷᠴᠢᠵᠤ ᠡᠷᠭᠢᠬᠦ ᠣᠷᠴᠢᠯᠠᠩ ᠤᠨ ᠵᠢᠮ᠎ᠡ ᠶᠢᠨ ᠬᠤᠭᠤᠰᠤᠨ ᠤ ᠴᠢᠨᠠᠷ ᠢ ᠥᠭᠦᠯᠡᠨ᠂ ᠰᠠᠶᠢᠨ ᠰᠠᠶᠢᠬᠠᠨ ᠤ ᠪᠡᠯᠭᠡᠳᠡᠯ᠂ ᠬᠥᠮᠥᠨ ᠮᠥᠰᠥ ᠶᠢᠨ ᠨᠢᠩᠵᠢᠨ ᠴᠢᠨᠠᠷ ᠲᠤ ᠠᠮᠢᠳᠤᠷᠠᠯ ᠲᠣᠭᠲᠠᠳᠠᠭ ᠢ ᠥᠭᠦᠯᠡᠳᠡᠭ᠃ ᠳᠤᠷᠠᠯᠠᠯ ᠳᠠᠭᠠᠨ ᠪᠦᠳᠦᠷᠢᠵᠦ ᠣᠬᠢᠯᠠᠭᠰᠠᠨ ᠨᠢᠭᠡᠨ ᠤ ᠬᠢᠨᠢ ᠭᠦ᠋ ᠬᠠᠷᠠᠬᠠᠨ ᠭᠡᠵᠢᠭᠡᠨ ᠳᠡᠭᠡᠷ᠎ᠡ ᠠᠯᠭᠤᠷᠬᠠᠨ ᠪᠠᠭᠤᠵᠤ᠂ ᠵᠢᠩᠬᠢᠨᠢ ᠡᠷᠬᠡ ᠴᠢᠯᠦᠭᠡ ᠬᠡᠮᠡᠭᠴᠢ ᠰᠦᠭ ᠰᠦᠨᠡᠰᠦᠨ ᠤ ᠴᠢᠯᠦᠭᠡᠯᠡᠯᠲᠡ᠂ ᠠᠯᠳᠠᠬᠤ ᠨᠢ ᠨᠡᠩ ᠰᠠᠶᠢᠨ ᠢ ᠣᠯᠬᠤ ᠶᠢᠨ ᠲᠥᠯᠥᠭᠡ ᠭᠡᠳᠡᠭ ᠢ ᠮᠡᠳᠡᠷᠡᠭᠦᠯᠳᠡᠭ᠃ ᠬᠡᠵᠢᠶ᠎ᠡ ᠬᠠᠮᠢᠭ᠎ᠠ ᠶᠠᠭᠤ ᠬᠢᠭᠰᠡᠨ ᠴᠦ᠂ ᠥᠪᠡᠷ ᠤᠨ ᠬᠢ ᠪᠠᠷ ᠢᠶᠠᠨ ᠪᠠᠶᠢᠵᠤ ᠴᠢᠳᠠᠪᠠᠯ ᠰᠠᠶ᠋ᠢ ᠭᠤᠷᠢ ᠬᠦᠰᠡᠯ ᠢ ᠢᠮᠠᠭᠲᠠ ᠲᠠᠲᠠᠭᠴᠢ ᠨᠡᠶᠢᠭᠡᠮ ᠬᠡᠮᠡᠬᠦ ᠲᠣᠮᠣ ᠡᠷᠭᠢᠭᠦᠯᠭᠡᠨ ᠳᠤ ᠲᠥᠭᠡᠷᠢᠵᠦ ᠲᠡᠨᠦᠬᠦ ᠦᠭᠡᠢ ᠪᠠᠶᠢᠳᠠᠭ ᠢ ᠰᠤᠷᠭᠠᠮᠵᠢᠯᠠᠳᠠᠭ᠃       ᠡᠬᠡ ᠣᠷᠣᠨ ᠢᠶᠠᠨ ᠪᠢ ᠡᠪᠦᠯ ᠭᠡᠪᠡᠯ᠂ ᠡᠰᠡᠨᠢᠯ ᠲᠥᠯᠵᠢᠯ ᠢ ᠡᠪᠦᠷᠯᠡᠭᠡᠳ ᠠᠭᠠᠵᠢᠮᠬᠠᠨ ᠬᠠᠶᠠᠯᠠᠳᠠᠭ ᠴᠠᠰᠤᠨ ᠴᠡᠴᠡᠭ ᠨᠢ ᠪᠢ ᠪᠠᠶᠢᠭᠰᠠᠨ᠃ ᠶᠠᠭ ᠯᠡ ᠲᠡᠭᠷᠢ ᠶᠢᠨ ᠡᠷᠬᠡ ᠠᠨᠴᠢᠯ ᠰᠢᠭ᠋ ᠬᠠᠮᠤᠭ ᠤᠨ ᠡᠷᠬᠢᠮᠰᠦᠭ ᠬᠥᠳᠡᠯᠦᠯ ᠢᠶᠠᠷ ᠨᠠᠬᠢᠯᠤᠨ ᠨᠣᠭᠢᠯᠵᠠᠵᠦ᠂ ᠲᠣᠭᠤᠰᠣᠲᠤ ᠣᠷᠴᠢᠯᠠᠩ ᠢᠶᠠᠨ ᠬᠤᠨ ᠴᠠᠭᠠᠨ ᠲᠡᠪᠡᠯ ᠢᠶᠠᠷ ᠭᠤᠶᠣᠨ᠂ ᠡᠷᠭᠢᠬᠦ ᠬᠠᠪᠤᠷ ᠢ ᠲᠡᠭᠦᠯᠳᠡᠷ ᠬᠦᠴᠦᠨ ᠢᠶᠠᠷ ᠤᠭᠲᠤᠨ ᠠᠪᠬᠤ ᠶᠢᠨ ᠲᠡᠭᠦᠰ ᠪᠡᠯᠡᠳᠬᠡᠯ ᠨᠢ ᠪᠤᠯᠳᠠᠭ᠃ ᠴᠡᠩᠬᠡᠷ ᠲᠠᠯᠢ ᠪᠠᠨ ᠰᠡᠪᠢᠨ ᠨᠠᠮᠤᠭᠤᠬᠠᠨ ᠨᠠᠮᠤᠭᠤᠬᠠᠨ ᠪᠥᠵᠢᠵᠦ᠂ ᠠᠯᠢᠪᠠ ᠬᠠᠷᠰᠢ ᠰᠠᠭᠠᠳ᠂ ᠬᠦᠴᠢᠷ ᠪᠡᠷᠬᠡᠰᠢᠶᠡᠯ ᠪᠦᠷ ᠦᠰᠦᠨ ᠪᠤᠶᠢᠵᠢᠯᠳᠠ ᠶᠢᠨ ᠨᠢᠭᠡᠨ ᠶᠠᠪᠤᠴᠠ ᠲᠡᠳᠦᠢ ᠭᠡᠳᠡᠭ ᠢ ᠥᠰᠪᠦᠷᠢ ᠶᠢᠨ ᠵᠢᠭᠠᠯ ᠬᠡᠦᠬᠡᠳ ᠲᠡᠭᠡᠨ ᠰᠢᠪᠡᠨᠡᠨ ᠰᠢᠪᠡᠨᠡᠨ ᠰᠠᠭᠠᠲᠠᠳᠠᠭ᠃ ᠠᠭᠤᠤ ᠠᠴᠢ᠂ ᠥᠭᠭᠢᠶᠡᠮᠦᠷ ᠬᠠᠶᠢᠷ᠎ᠠ ᠶᠢ ᠠᠶᠠᠯᠤᠨ ᠠᠶᠠᠷ ᠠᠶᠠᠷᠬᠠᠨ ᠪᠤᠳᠠᠷᠠᠵᠦ᠂ ᠲᠣᠰᠣᠯ ᠠᠴᠢ ᠶᠢ ᠲᠠᠯᠠᠢ ᠪᠠᠷ ᠬᠠᠷᠢᠭᠤᠯᠬᠤ ᠶᠢᠨ ᠤᠴᠢᠷ ᠶᠣᠰᠣᠨ ᠢ ᠥᠭᠦᠯᠡᠵᠦ᠂ ᠥᠲᠡᠭᠦᠰ ᠢᠶᠠᠨ ᠬᠦᠨᠳᠦᠯᠡᠵᠦ᠂ ᠦᠷᠡᠰ ᠢᠶᠠᠨ ᠳᠣᠳᠣᠮᠳᠠᠬᠤ ᠶᠢᠨ ᠤᠷ᠎ᠠ ᠤᠬᠠᠭᠠᠨ ᠬᠡᠮᠡᠭᠴᠢ ᠭᠬᠢᠷ ᠦᠭᠡᠢ ᠴᠠᠭᠠᠬᠠᠨ ᠰᠡᠳᠬᠢᠯ ᠠᠴᠠ ᠡᠭᠦᠰᠳᠡᠭ ᠭᠡᠳᠡᠭ ᠢ ᠳᠠᠪᠲᠠᠨ ᠳᠠᠪᠲᠠᠨ ᠵᠢᠭᠠᠳᠠᠭ᠃ ᠪᠤᠵᠠᠷ ᠪᠤᠷᠲᠠᠭ᠂ ᠮᠠᠭᠤ ᠮᠠᠭᠤᠬᠠᠢ ᠪᠦᠭᠦᠨ ᠢ ᠬᠤᠴᠢᠨ ᠬᠤᠴᠢᠨ ᠣᠷᠣᠵᠤ᠂ ᠴᠡᠪᠡᠷ ᠴᠠᠶᠢᠯᠭᠠᠨ ᠬᠢᠭᠡᠳ ᠦᠵᠡᠰᠭᠦᠯᠡᠩ ᠭᠤᠸ᠎ᠠ ᠶᠢᠨ ᠲᠠᠶᠢᠯᠣᠨ ᠢᠶᠠᠷ᠂ ᠳᠣᠲᠣᠭᠠᠳᠤ ᠰᠡᠳᠬᠢᠯ ᠤᠨ ᠠᠮᠤᠷ ᠠᠮᠤᠭᠤᠯᠠᠩ ᠤᠨ ᠴᠢᠬᠤᠯᠠ ᠴᠢᠨᠠᠷ ᠢ ᠬᠤᠲᠠᠯᠠ ᠣᠯᠠᠨ᠎ᠠ ᠮᠡᠳᠡᠭᠦᠯᠬᠦ ᠭᠡᠵᠦ ᠢᠮᠠᠭᠲᠠ ᠵᠢᠳᠬᠦᠳᠡᠭ᠃ ᠬᠡᠷᠡᠯᠳᠦ ᠳᠡᠯᠪᠡᠭᠡᠨ ᠳᠡᠭᠡᠨ ᠬᠤᠷᠮᠣᠰᠳᠠ ᠶᠢᠨ ᠰᠣᠶᠣᠷᠬᠠᠯ ᠢ ᠰᠢᠩᠭᠡᠬᠡᠨ᠂ ᠡᠬᠡ ᠭᠠᠵᠠᠷ ᠢᠶᠠᠨ ᠦᠨᠦᠰᠦᠨ ᠠᠭᠤᠰᠬᠤ ᠳᠠᠭᠠᠨ᠂ ᠬᠤᠷᠴᠠ ᠨᠣᠭᠤᠭᠠᠨ ᠰᠣᠶᠤᠭ᠎ᠠ ᠳᠠᠭᠠᠨ ᠬᠦᠰᠡᠯ ᠮᠥᠷᠥᠭᠡᠳᠦᠯ ᠭᠢᠯᠪᠠᠭᠤᠯᠤᠨ᠂ ᠣᠮᠣᠭᠯᠠᠩ ᠲᠠᠯ᠎ᠠ ᠶᠢᠨ ᠢᠶᠠᠨ ᠳᠤᠯᠠᠭᠠᠬᠠᠨ ᠡᠪᠦᠷ ᠠᠴᠠ ᠭᠠᠭᠴᠠ ᠰᠥᠨᠢ ᠶᠢᠨ ᠵᠠᠢ ᠳᠤ ᠡᠷᠪᠡᠢ ᠬᠥᠬᠡ ᠡᠪᠡᠰᠦ ᠨᠢ ᠪᠣᠯᠵᠤ ᠠᠬᠢᠭᠠᠳ ᠰᠤᠭᠤᠷᠠᠨ᠎ᠠ ᠭᠡᠵᠦ ᠡᠷᠭᠢᠯᠳᠦᠨ ᠡᠷᠭᠢᠯᠳᠦᠨ ᠣᠷᠣᠳᠠᠭ᠃        ᠪᠢ ᠡᠬᠡ ᠣᠷᠣᠨ ᠤ ᠪᠠᠨ ᠮᠥᠷᠥᠭᠡᠳᠦᠯ ᠪᠠᠶᠢᠭᠰᠠᠨ︕
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ