ᠰᠤᠷᠭᠠᠨ ᠬᠥᠮᠦᠵᠢᠯ ᠤᠨ ᠶᠠᠮᠤᠨ ᠤ ᠨᠢᠭᠡᠳᠦᠯᠲᠡᠢ ᠪᠠᠶᠢᠷᠢᠯᠠᠭᠤᠯᠤᠯᠲᠠ ᠪᠠᠷ 2025 ᠣᠨ ᠤ 1 ᠰᠠᠷ᠎ᠠ ᠶᠢᠨ 3 ᠠᠴᠠ 6 ᠤ ᠡᠳᠦᠷ ᠪᠤᠯᠲᠠᠯ᠎ᠠ ᠮᠠᠨ ᠤ | ᠣᠷᠣᠨ ᠶᠡᠭᠡ ᠳᠡᠭᠡᠳᠦ ᠰᠤᠷᠭᠠᠭᠤᠯᠢ ᠳᠤ ᠰᠣᠷᠣᠬᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠳᠤ ᠵᠣᠬᠢᠴᠠᠬᠤ | ᠰᠣᠷᠢᠯᠲᠠ ᠬᠢᠬᠦ ᠪᠠᠷ ᠲᠣᠭᠲᠠᠪᠠ᠃ 2025 ᠣᠨ ᠤ ᠡᠩ ᠤᠨ ᠶᠡᠭᠡ ᠳᠡᠭᠡᠳᠦ ᠰᠤᠷᠭᠠᠭᠤᠯᠢ ᠶᠢᠨ ᠰᠣᠷᠣᠬᠴᠢ ᠡᠯᠰᠡᠬᠦ ᠨᠢᠭᠡᠳᠦᠯᠲᠡᠢ ᠰᠢᠯᠭᠠᠯᠲᠠ ᠳᠤ | ᠣᠷᠤᠯᠴᠠᠬᠤ ᠪᠠᠷ ᠨᠡᠷ᠎ᠡ ᠮᠡᠳᠡᠭᠦᠯᠦᠭᠰᠡᠨ ᠪᠥᠭᠡᠳ ᠨᠠᠮᠤᠷ ᠤᠨ ᠤᠯᠠᠷᠢᠯ ᠤᠨ ᠨᠢᠭᠡᠳᠦᠯᠲᠡᠢ ᠰᠢᠯᠭᠠᠯᠲᠠᠳᠤ ᠣᠷᠤᠯᠴᠠᠬᠤ ᠰᠤᠷᠤᠬᠴᠢᠳ ᠰᠣᠷᠢᠯᠲᠠ ᠳᠤ ᠣᠷᠣᠯᠴᠠᠨ᠎ᠠ᠃ | ᠡᠭᠦᠨ ᠳᠤ᠂ ᠲᠤᠰᠬᠠᠢ ᠮᠡᠷᠭᠡᠵᠢᠯ ᠢᠶᠠᠷ ᠵᠣᠯᠭᠠᠭᠤᠯᠤᠨ ᠡᠯᠰᠡᠬᠦ ᠰᠢᠯᠭᠠᠯᠲᠠ ᠳᠤ ᠣᠷᠤᠯᠴᠠᠬᠤ ᠰᠤᠷᠤᠬᠴᠢ ᠶᠢ ᠪᠠᠭᠲᠠᠭᠠᠬᠤ ᠦᠭᠡᠢ᠃ | ᠰᠣᠷᠢᠯᠲᠠ ᠨᠢ ︽3+1+2︾ ᠵᠠᠭᠪᠤᠷ ᠢ ᠬᠡᠷᠡᠭᠯᠡᠨ᠎ᠡ᠃ ︽3︾ ᠭᠡᠳᠡᠭ ᠨᠢ ᠭᠡᠯᠡ ᠪᠢᠴᠢᠭ᠂ ᠲᠣᠭᠠᠨ ᠤ ᠤᠬᠠᠭᠠᠨ᠂ ᠭᠠᠳᠠᠭᠠᠳᠤ ᠭᠡᠯᠡ ︵ᠠᠩᠭ᠍ᠯᠢ | ᠭᠡᠯᠡ᠂ ᠣᠷᠣᠰ ᠭᠡᠯᠡ᠂ ᠶᠠᠫᠤᠨ ᠭᠡᠯᠡ᠂ ᠹᠷᠠᠨᠼᠢ ᠭᠡᠯᠡ᠂ ᠭᠧᠷᠮᠠᠨ ᠭᠡᠯᠡ᠂ ᠢᠰᠫᠠᠨᠢ ᠭᠡᠯᠡ ᠪᠠᠭᠲᠠᠨ᠎ᠠ︶ ᠵᠡᠷᠭᠡ 3 ᠲᠥᠷᠥᠯ ᠤᠨ ᠨᠢᠭᠡᠳᠦᠯᠲᠡᠢ ᠰᠢᠯᠭᠠᠬᠤ ᠬᠢᠴᠢᠶᠡᠯ | ᠲᠥᠷᠥᠯ ᠪᠠᠶᠢᠵᠤ᠂ ᠪᠤᠶ ᠪᠦᠬᠦᠢ ᠰᠢᠯᠭᠠᠭᠤᠯᠤᠭᠴᠢ ᠵᠠᠪᠠᠯ ᠰᠢᠯᠭᠠᠨ᠎ᠠ ; ︽1︾ ᠪᠠ ︽2︾ ᠨᠢ ᠡᠩ ᠤᠨ ᠥᠨᠳᠥᠷ ᠳᠤᠮᠳᠠᠳᠤ ᠶᠢᠨ ᠰᠤᠷᠤᠯᠭ᠎ᠠ ᠶᠢᠨ ᠬᠢᠷᠢ | ᠲᠦᠪᠰᠢᠨ ᠤ ᠰᠣᠩᠭᠤᠯᠲᠠ ᠶᠢᠨ ᠴᠢᠨᠠᠷᠲᠠᠢ ᠰᠢᠯᠭᠠᠯᠲᠠ ᠶᠢᠨ ᠬᠢᠴᠢᠶᠡᠯ ᠲᠥᠷᠥᠯ ᠪᠣᠯᠣᠨ᠎ᠠ᠂ ︽1︾ ᠨᠢ ᠲᠡᠷᠢᠭᠦᠨ ᠰᠣᠩᠭᠤᠯᠲᠠ ᠶᠢᠨ ᠬᠢᠴᠢᠶᠡᠯ ᠲᠥᠷᠥᠯ ᠪᠠᠶᠢᠵᠤ᠂ | ᠹᠢᠽᠢᠺ᠂ ᠲᠡᠦᠬᠡ ᠶᠢᠨ 2 ᠬᠢᠴᠢᠶᠡᠯ ᠲᠥᠷᠥᠯ ᠠᠴᠠ 1 ᠶᠢ ᠨᠢ ᠰᠣᠩᠭᠤᠨ᠎ᠠ ; ︽2︾ ᠨᠢ ᠳᠠᠭᠢᠨ ᠰᠣᠩᠭᠤᠯᠲᠠ ᠶᠢᠨ ᠬᠢᠴᠢᠶᠡᠯ ᠳᠦᠷᠦᠯ ᠪᠣᠯᠣᠨ᠎ᠠ᠂ ᠦᠵᠡᠯ | ᠰᠠᠨᠠᠭ᠎ᠠ ᠤᠯᠤᠰ ᠲᠥᠷᠥ᠂ ᠭᠠᠵᠠᠷ ᠵᠦᠢ᠂ ᠬᠢᠮᠢ᠂ ᠠᠮᠢᠳᠤ ᠪᠣᠳᠠᠰ ᠤᠨ ᠤᠬᠠᠭᠠᠨ ᠵᠡᠷᠭᠡ 4 ᠬᠢᠴᠢᠶᠡᠯ ᠲᠥᠷᠥᠯ ᠠᠴᠠ 2 ᠢ ᠨᠢ ᠰᠣᠩᠭᠤᠨ᠎ᠠ᠃ ᠭᠡᠯᠡ ᠪᠢᠴᠢᠭ ᠤᠨ | ᠰᠢᠯᠭᠠᠯᠲᠠ ᠶᠢᠨ ᠴᠠᠭ ᠨᠢ 150 ᠮᠢᠨᠦ᠋ᠲ᠂ ᠲᠣᠭᠠᠨ ᠤ ᠤᠬᠠᠭᠠᠨ ᠪᠠ ᠭᠠᠳᠠᠭᠠᠳᠤ ᠬᠡᠯᠡᠨ ᠤ ᠰᠢᠯᠭᠠᠯᠲᠠ ᠶᠢᠨ ᠴᠠᠭ ᠨᠢ ᠳᠤᠰᠪᠤᠷᠢ 120 ᠮᠢᠨᠦ᠋ᠲ ᠪᠣᠯᠣᠨ᠎ᠠ᠃ | ᠭᠠᠳᠠᠭᠠᠳᠤ ᠬᠡᠯᠡᠨ ᠤ ᠰᠢᠯᠭᠠᠯᠲᠠ ᠳᠤ ᠰᠣᠨᠣᠰᠬᠤ ᠴᠢᠳᠠᠪᠤᠷᠢ ᠶᠢᠨ ᠰᠢᠯᠭᠠᠯᠲᠠ ᠪᠠ ᠪᠢᠷ ᠤᠨ ᠰᠢᠯᠭᠠᠯᠲᠠ ᠭᠡᠬᠦ ᠬᠤᠶᠠᠷ ᠬᠡᠰᠡᠭ ᠪᠠᠭᠲᠠᠵᠤ᠂ ᠤᠷᠢᠳ ᠢᠶᠠᠷ ᠪᠢᠷ ᠤᠨ | ᠰᠢᠯᠭᠠᠯᠲᠠ ᠬᠢᠵᠦ᠂ ᠳᠠᠷᠠᠭ᠎ᠠ ᠨᠢ ᠰᠣᠨᠣᠰᠬᠤ ᠴᠢᠳᠠᠪᠤᠷᠢ ᠶᠢ ᠰᠢᠯᠭᠠᠨ᠎ᠠ᠃ ᠹᠢᠽᠢᠺ᠂ ᠲᠡᠦᠬᠡ᠂ ᠦᠵᠡᠯ ᠰᠠᠨᠠᠭ᠎ᠠ ᠤᠯᠤᠰ ᠲᠥᠷᠥ᠂ ᠭᠠᠵᠠᠷ ᠵᠦᠢ᠂ ᠬᠢᠮᠢ᠂ ᠠᠮᠢᠳᠤ | ᠪᠣᠳᠠᠰ ᠤᠨ ᠤᠬᠠᠭᠠᠨ ᠤ ᠲᠥᠷᠥᠯ ᠪᠦᠷᠢ ᠶᠢᠨ ᠰᠢᠯᠭᠠᠯᠲᠠ ᠶᠢᠨ ᠴᠠᠭ ᠨᠢ ᠴᠥᠮ 75 ᠮᠢᠨᠦ᠋ᠲ ᠪᠣᠯᠣᠨ᠎ᠠ᠃ | ᠰᠢᠯᠭᠠᠭᠤᠯᠤᠭᠴᠢ ᠶᠢᠨ ᠵᠣᠬᠢᠴᠠᠬᠤ ᠴᠢᠨᠠᠷᠲᠠᠢ ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ ᠨᠢ ᠭᠡᠯᠡ ᠪᠢᠴᠢᠭ᠂ ᠲᠣᠭᠠᠨ ᠤ ᠤᠬᠠᠭᠠᠨ᠂ ᠭᠠᠳᠠᠭᠠᠳᠤ ᠭᠡᠯᠡ | ᠵᠡᠷᠭᠡ 3 ᠲᠥᠷᠥᠯ ᠤᠨ ᠬᠢᠴᠢᠶᠡᠯ ᠤᠨ ᠰᠢᠯᠭᠠᠯᠲᠠ ᠶᠢᠨ ᠬᠢᠷᠢ ᠪᠦᠲᠦᠮᠵᠢ ᠪᠠ ᠰᠣᠩᠭᠤᠯᠲᠠ ᠶᠢᠨ ᠴᠢᠨᠠᠷᠲᠠᠢ 3 ᠲᠥᠷᠥᠯ ᠤᠨ ᠬᠢᠴᠢᠶᠡᠯ ᠤᠨ ᠬᠢᠷᠢ ᠪᠦᠲᠦᠮᠵᠢ ᠪᠠᠷ | ᠪᠦᠷᠢᠯᠳᠦᠵᠦ᠂ ᠪᠦᠷᠢᠨ ᠬᠤᠪᠢ ᠨᠢ 750 ᠬᠤᠪᠢ ᠪᠣᠯᠣᠨ᠎ᠠ᠃ ᠡᠭᠦᠨ ᠳᠤ ᠭᠡᠯᠡ ᠪᠢᠴᠢᠭ᠂ ᠲᠣᠭᠠᠨ ᠤ ᠤᠬᠠᠭᠠᠨ᠂ ᠭᠠᠳᠠᠭᠠᠳᠤ ᠭᠡᠯᠡ ︵ᠪᠢᠷ ᠤᠨ ᠰᠢᠯᠭᠠᠯᠲᠠ᠂ | ᠰᠣᠨᠣᠰᠬᠤ ᠴᠢᠳᠠᠪᠤᠷᠢ ᠪᠠᠭᠲᠠᠨ᠎ᠠ︶ ᠶᠢᠨ ᠪᠦᠷᠢᠨ ᠬᠤᠪᠢ ᠨᠢ ᠲᠤᠰ ᠲᠤᠰ 150 ᠬᠤᠪᠢ᠂ ᠹᠢᠽᠢᠺ᠂ ᠲᠡᠦᠬᠡ ᠶᠢᠨ ᠪᠦᠷᠢᠨ ᠬᠤᠪᠢ ᠨᠢ ᠲᠤᠰ ᠲᠤᠰ 100 | ᠬᠤᠪᠢ ᠪᠠᠶᠢᠵᠤ᠂ ᠴᠥᠮ ᠰᠢᠯᠭᠠᠯᠲᠠ ᠶᠢᠨ ᠬᠤᠪᠢ ᠪᠠᠷ ᠰᠢᠯᠭᠠᠭᠤᠯᠤᠭᠴᠢ ᠶᠢᠨ ᠶᠡᠷᠦᠩᠬᠡᠢ ᠬᠢᠷᠢ ᠪᠦᠲᠦᠮᠵᠢ ᠳᠤ ᠪᠤᠳᠤᠵᠤ ᠣᠷᠣᠭᠤᠯᠤᠨ᠎ᠠ ; ᠦᠵᠡᠯ ᠰᠠᠨᠠᠭ᠎ᠠ | ᠤᠯᠤᠰ ᠲᠥᠷᠥ᠂ ᠭᠠᠵᠠᠷ ᠵᠦᠢ᠂ ᠬᠢᠮᠢ᠂ ᠠᠮᠢᠳᠤ ᠪᠣᠳᠠᠰ ᠤᠨ ᠤᠬᠠᠭᠠᠨ ᠤ ᠪᠦᠷᠢᠨ ᠬᠤᠪᠢ ᠨᠢ ᠲᠤᠰ ᠲᠤᠰ 100 ᠬᠤᠪᠢ ᠪᠠᠶᠢᠵᠤ᠂ ᠣᠯᠣᠭᠰᠠᠨ ᠬᠤᠪᠢ ᠶᠢᠨ | ᠳᠡᠰᠢᠶ᠋ᠠᠷ ᠨᠢ ᠬᠤᠪᠢ ᠣᠯᠭᠤᠵᠤ ᠰᠢᠯᠭᠠᠭᠤᠯᠤᠭᠴᠢ ᠶᠢᠨ ᠶᠡᠷᠦᠩᠬᠡᠢ ᠬᠢᠷᠢ ᠪᠦᠲᠦᠮᠵᠢ ᠳᠤ ᠪᠤᠳᠤᠵᠤ ᠣᠷᠣᠭᠤᠯᠤᠨ᠎ᠠ᠃ ᠮᠣᠩᠭᠤᠯ ᠭᠡᠯᠡ ᠪᠢᠴᠢᠭ ᠤᠨ | ᠰᠢᠯᠭᠠᠯᠲᠠ ᠶᠢᠨ ᠴᠠᠭ ᠨᠢ 120 ᠮᠢᠨᠦ᠋ᠲ᠂ ᠪᠦᠷᠢᠨ ᠬᠤᠪᠢ ᠨᠢ 100 ᠬᠤᠪᠢ ᠪᠣᠯᠣᠨ᠎ᠠ᠃ ᠰᠢᠯᠭᠠᠯᠲᠠ ᠶᠢ ᠤᠯᠤᠰ ᠤᠨ ᠰᠤᠷᠭᠠᠨ ᠬᠥᠮᠦᠵᠢᠯ ᠤᠨ | ᠰᠢᠯᠭᠠᠯᠲᠠ ᠶᠢᠨ ᠲᠣᠭᠠᠴᠢᠯᠠᠯᠳᠠ ᠶᠢᠨ ᠪᠠᠷᠢᠮᠵᠢᠶ᠎ᠠ ᠳᠤ ᠨᠡᠶᠢᠴᠡᠬᠦ ᠰᠢᠯᠭᠠᠯᠲᠠ ᠶᠢᠨ ᠲᠠᠯᠠᠪᠠᠶ ᠳᠤ ᠲᠣᠬᠢᠷᠠᠭᠤᠯᠵᠤ᠂ ᠰᠢᠯᠭᠠᠯᠲᠠ ᠶᠢᠨ ᠠᠵᠢᠯ ᠢ ᠡᠯ᠎ᠡ ᠠᠶᠢᠮᠠᠭ ᠬᠤᠲᠠ᠂ | ᠬᠤᠰᠢᠭᠤ ᠰᠢᠶᠠᠨ ︵ᠬᠤᠲᠠ᠂ ᠲᠣᠭᠤᠷᠢᠭ︶ ᠤ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠪᠣᠯᠣᠨ ᠰᠤᠷᠤᠬᠴᠢ ᠡᠯᠰᠡᠬᠦ ᠰᠢᠯᠭᠠᠯᠲᠠ ᠶᠢᠨ | ᠪᠠᠶᠢᠭᠤᠯᠤᠮᠵᠢ ᠬᠠᠷᠢᠭᠤᠴᠠᠵᠤ᠂ ᠨᠢᠭᠡᠳᠦᠯᠲᠡᠢ ᠰᠢᠯᠭᠠᠯᠲᠠ ᠶᠢᠨ ᠠᠮᠤᠷ ᠲᠦᠪᠰᠢᠨ ᠤ ᠨᠢᠭᠤᠴᠠ ᠶᠢ ᠬᠠᠮᠠᠭᠠᠯᠠᠬᠤ᠂ ᠰᠢᠯᠭᠠᠯᠲᠠ ᠶᠢ ᠵᠣᠬᠢᠶᠠᠨ ᠪᠠᠶᠢᠭᠤᠯᠬᠤ᠂ | ᠰᠢᠯᠭᠠᠯᠲᠠ ᠶᠢᠨ ᠶᠠᠪᠤᠳᠠᠯ ᠢ ᠲᠣᠭᠲᠠᠭᠠᠯ ᠶᠣᠰᠣᠭᠠᠷ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ | ᠰᠢᠯᠭᠠᠯᠲᠠ ᠶᠢᠨ ᠬᠦᠷᠢᠶᠡᠯᠡᠩ ᠠᠴᠠ ᠰᠢᠯᠭᠠᠯᠲᠠ ᠬᠢᠨᠠᠬᠤ ᠠᠵᠢᠯ ᠢ ᠵᠣᠬᠢᠶᠠᠨ ᠪᠠᠶᠢᠭᠤᠯᠬᠤ᠂ ᠬᠠᠮᠢᠶᠠᠷᠬᠤ᠂ ᠶᠠᠰᠤ ᠴᠢᠨᠠᠷ ᠤᠨ ᠪᠠᠶᠢᠴᠠᠭᠠᠯᠲᠠ ᠬᠢᠬᠦ ᠵᠡᠷᠭᠡ ᠠᠵᠢᠯ ᠢ | ᠬᠠᠷᠢᠭᠤᠴᠠᠨ᠎ᠠ᠃ ᠰᠢᠯᠭᠠᠭᠤᠯᠤᠭᠰᠠᠳ 2025 ᠣᠨ ᠤ 3 ᠰᠠᠷ᠎ᠠ ᠳᠤ ︽ᠥᠪᠥᠷ ᠮᠣᠩᠭᠤᠯ ᠤᠨ ᠰᠣᠷᠣᠬᠴᠢ ᠡᠯᠰᠡᠬᠦ ᠰᠢᠯᠭᠠᠯᠲᠠ ᠶᠢᠨ ᠮᠡᠳᠡᠭᠡ ᠵᠠᠩᠭᠢ ᠶᠢᠨ | ᠰᠦᠯᠵᠢᠶ᠎ᠡ ᠠᠴᠠ ᠬᠢᠷᠢ ᠪᠦᠲᠦᠮᠵᠢ ᠪᠠᠨ ᠪᠠᠶᠢᠴᠠᠭᠠᠨ ᠯᠠᠪᠯᠠᠵᠤ ᠪᠣᠯᠣᠨ᠎ᠠ᠂ ᠪᠣᠳᠠᠲᠠᠢ ᠴᠠᠭ ᠢ ᠠᠰ ᠲᠤᠨᠢ ᠮᠡᠳᠡᠭᠳᠡᠨ᠎ᠡ᠃ | |