ᠳ᠋ᠤᠸᠠᠨ ᠳ᠋ᠧ ᡁᠢ ︵1915.5 - 1948.4︶᠂ ᠡᠷᠭᠦᠭᠰᠡᠨ ᠨᠡᠷ᠎ᠡ ᠷᠦᠨ ᠰᠢᠩ᠂ ᠴᠣᠯᠠ ᠴᠠᠩ ᠮᠢᠩ᠂ ᠡᠷᠡᠭᠲᠡᠢ᠂ ᠬᠢᠲᠠᠳ ᠦᠨᠳᠦᠰᠦᠲᠡᠨ᠂ | ᠥᠪᠥᠷ ᠮᠣᠩᠭᠤᠯ ᠤᠨ ᠬᠥᠬᠡᠬᠤᠲᠠ ᠶᠢᠨ ᠵᠡᠭᠦᠨ ᠲᠡᠭᠦᠷᠭᠡ ᠶᠢᠨ ᠲᠣᠪᠴᠢ ᠲᠣᠰᠬᠤᠨ ᠤ ᠬᠥᠮᠥᠨ᠃ ᠳ᠋ᠤᠸᠠᠨ ᠳ᠋ᠧ ᡁᠢ 1931 ᠣᠨ ᠳᠤ ᠰᠦᠢᠶᠤᠸᠠᠨ ᠤ | ᠮᠤᠵᠢ ᠠᠴᠠ ᠪᠠᠶᠢᠭᠤᠯᠤᠭᠰᠠᠨ ᠭᠤᠷᠪᠠᠳᠤᠭᠠᠷ ᠪᠠᠭ᠎ᠠ ᠰᠤᠷᠭᠠᠭᠤᠯᠢ ᠳᠤ ᠣᠷᠣᠵᠤ ᠰᠤᠷᠤᠯᠴᠠᠪᠠ᠃ ᠡᠨᠡ ᠬᠤᠭᠤᠴᠠᠭᠠᠨ ᠳᠤ ᠭᠤᠮᠢᠨᠳᠠᠩ ᠤᠨ ᠲᠡᠷᠰᠯᠡᠭᠦᠴᠦᠳ ᠢ | ᠡᠰᠡᠷᠭᠦᠴᠡᠬᠦ ᠳᠠᠪᠰᠢᠩᠭᠤᠢ ᠠᠵᠢᠯᠯᠠᠭ᠎ᠠ ᠳᠤ ᠣᠷᠣᠯᠴᠠᠵᠠᠢ᠃ | 1939 ᠣᠨ ᠤ ᠬᠠᠪᠤᠷ᠂ ᠳ᠋ᠤᠸᠠᠨ ᠳ᠋ᠧ ᡁᠢ ᠳᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠲᠠᠶᠢᠨ ᠤ ᠺᠠᠳ᠋ᠷ ᠤᠨ ᠪᠣᠯᠪᠠᠰᠤᠷᠠᠯ ᠤᠨ ᠠᠩᠭᠢ ᠳᠤ | ᠣᠷᠣᠵᠤ ᠰᠤᠷᠤᠯᠴᠠᠪᠠ᠃ 5 ᠰᠠᠷ᠎ᠠ ᠳᠤ᠂ ᠬᠥᠳᠡᠯᠭᠡᠭᠡᠨ ᠤ ᠵᠥᠪᠯᠡᠯ ᠤᠨ ᠬᠦᠢᠰᠦ᠋ᠢ ᠬᠤᠶᠠᠳᠤᠭᠠᠷ ᠲᠣᠭᠤᠷᠢᠭ ᠤᠨ ᠣᠨᠴᠠ ᠲᠣᠮᠢᠯᠠᠭᠳᠠᠭᠰᠠᠳ ᠤᠨ ᠡᠭᠦᠷᠭᠡ ᠶᠢ | ᠬᠦ᠋ᠯᠢᠶᠡᠨ ᠠᠪᠴᠤ᠂ ᠲᠦ᠋ᠷᠦᠭᠰᠡᠨ ᠨᠤᠲᠤᠭ ᠲᠣᠪᠴᠢ ᠲᠣᠰᠬᠤᠨ ᠳᠠᠭᠠᠨ ᠪᠤᠴᠠᠵᠤ᠂ ︽ᠽᠢ ᠱᠧᠩ ᠨᠡᠷᠡᠮᠵᠢᠲᠦ︾ ᠡᠯᠳᠡᠪ ᠪᠠᠷᠠᠭᠠᠨ ᠤ ᠳᠡᠯᠭᠡᠭᠦᠷ ᠢᠶᠠᠷ ᠬᠠᠯᠬᠠᠪᠴᠢ | ᠪᠣᠯᠭᠠᠨ᠂ ᠶᠠᠫᠤᠨ ᠢ ᠡᠰᠡᠷᠭᠦᠴᠡᠵᠦ ᠮᠥᠬᠦᠯ ᠠᠴᠠ ᠠᠪᠤᠷᠠᠬᠤ ᠠᠵᠢᠯᠯᠠᠭ᠎ᠠ ᠥᠷᠨᠢᠭᠦᠯᠪᠡ᠃ ᠤᠳᠠᠯ ᠦᠭᠡᠢ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠣᠪᠠ᠃ | ᠳ᠋ᠤᠸᠠᠨ ᠳ᠋ᠧ ᡁᠢ ᠲᠣᠪᠴᠢ ᠳᠤ ᠬᠠᠭᠤᠷᠮᠠᠭ ᠲᠣᠰᠬᠤᠨ ᠤ ᠠᠯᠪᠠᠨ ᠭᠠᠵᠠᠷ ᠲᠤ ᠤᠷᠠᠨ ᠢᠶᠠᠷ ᠰᠢᠷᠭᠤᠨ ᠣᠷᠣᠵᠤ ᠪᠢᠴᠢᠭᠡᠴᠢ ᠪᠣᠯᠵᠤ᠂ ᠡᠯ᠎ᠡ ᠡᠲᠡᠭᠡᠳ ᠤᠨ | ᠬᠥᠮᠥᠰ ᠲᠠᠢ ᠢᠳᠡᠪᠬᠢᠲᠡᠢ ᠪᠠᠷ ᠬᠤᠯᠪᠣᠭ᠎ᠠ ᠠᠪᠴᠤ ᠲᠡᠷᠰᠯᠡᠭᠦᠦ ᠰᠢᠶᠠᠩ ᠤᠨ ᠳᠠᠷᠤᠭ᠎ᠠ ᠶᠢ ᠦᠯᠳᠡᠨ ᠬᠥᠭᠡᠭᠡᠵᠦ᠂ ᠤᠯᠤᠰ ᠢᠶᠠᠨ ᠬᠠᠶᠢᠷᠠᠯᠠᠭᠴᠢ ᠳᠠᠪᠰᠢᠩᠭᠤᠢ | ᠬᠥᠮᠥᠨ ᠯᠢᠦ ᠫᠧᠢ ᠶᠧ ᠶᠢ ᠰᠢᠶᠠᠩ ᠤᠨ ᠳᠠᠷᠤᠭ᠎ᠠ ᠶᠢᠨ ᠲᠤᠰᠢᠶᠠᠯ ᠳᠤ ᠡᠷᠭᠦᠨ ᠲᠠᠨᠢᠯᠴᠠᠭᠤᠯᠪᠠ᠃ ᠤᠯᠠᠨ ᠲᠦᠮᠡᠨ ᠢ ᠲᠠᠶᠢᠴᠢᠯᠠᠨ ᠠᠮᠤ ᠪᠤᠳᠠᠭ᠎ᠠ | ᠲᠠᠲᠠᠪᠤᠷᠢᠯᠠᠬᠤ ᠶᠢ ᠡᠰᠡᠷᠭᠦᠴᠡᠬᠦ ᠲᠡᠮᠡᠴᠡᠯ ᠢ ᠥᠷᠨᠢᠭᠦᠯᠵᠦ᠂ ᠤᠯᠠᠨ ᠲᠦᠮᠡᠨ ᠤ ᠳᠠᠷᠤᠭᠠᠰᠤ ᠶᠢ ᠬᠥᠩᠭᠡᠷᠡᠭᠦᠯᠪᠡ᠃ ︽ᠬᠥᠳᠡᠯᠮᠦᠷᠢ ᠶᠢᠨ ᠠᠯᠪᠠ ᠬᠠᠭᠠᠬᠤ | ᠬᠤᠭᠤᠴᠠᠭ᠎ᠠ ᠳᠦᠭᠦᠷᠦᠭᠰᠡᠨ ᠦᠨᠡᠮᠯᠡᠯ︾ ᠢ ᠲᠠᠷᠬᠠᠭᠠᠭᠰᠠᠨ ᠨᠣᠶᠠᠳ ᠲᠦᠰᠢᠮᠡᠳ ᠢ ᠲᠠᠲᠠᠨ ᠠᠪᠴᠤ᠂ ᠬᠤᠭᠤᠰᠤᠨ ᠭᠡᠷᠡᠴᠢ ᠣᠯᠵᠤ ᠠᠪᠤᠭᠠᠳ ᠭᠠᠴᠠᠭ᠎ᠠ ᠪᠠᠷ ᠨᠢ | ᠲᠠᠭᠯᠠᠨ ᠥᠭᠴᠦ᠂ ᠤᠯᠠᠨ ᠲᠦᠮᠡᠨ ᠢ ᠬᠥᠳᠡᠯᠮᠦᠷᠢ ᠶᠢᠨ ᠠᠯᠪᠠ ᠠᠴᠠ ᠬᠡᠯᠲᠦᠷᠢᠭᠦᠯᠪᠡ᠃ ᠶᠠᠫᠤᠨ ᠳᠡᠭᠡᠷᠡᠮᠴᠢᠳ ᠤᠨ ᠲᠣᠪᠴᠢ ᠳᠤ ᠬᠠᠷ᠎ᠠ ᠲᠤᠭᠤᠯᠭ᠎ᠠ ᠶᠢᠨ | ᠦᠢᠯᠡᠳᠪᠦᠷᠢ ᠪᠠᠶᠢᠭᠤᠯᠬᠤ ᠶᠢ ᠬᠤᠷᠢᠭᠯᠠᠪᠠ᠃ ᠶᠠᠫᠤᠨ ᠳᠡᠭᠡᠷᠡᠮᠴᠢᠳ ᠲᠤ ᠤᠷᠪᠠᠭᠴᠢ ᠵᠤᠤ ᠬᠤᠩ ᠢ ︽ᠡᠪ ᠬᠠᠮᠲᠤ ᠨᠠᠮ ᠲᠠᠢ ᠰᠥᠯᠪᠡᠭᠡᠯᠳᠦᠭᠰᠡᠨ︾ ᠭᠡᠵᠦ | ᠵᠠᠭᠠᠯᠳᠤᠵᠤ᠂ ᠡᠭᠦᠨ ᠢᠶᠠᠷ ᠤᠷᠪᠠᠭᠴᠢ ᠶᠢ ᠠᠯᠠᠪᠠ᠃ ᠲᠡᠷᠡ ᠤᠯᠠᠨ ᠲᠦᠮᠡᠨᠴᠢ ᠴᠢᠨᠠᠷᠲᠠᠢ ᠶᠠᠫᠤᠨ ᠢ ᠡᠰᠡᠷᠭᠦᠴᠡᠬᠦ ᠠᠵᠢᠯᠯᠠᠭ᠎ᠠ ᠶᠢ ᠠᠮᠵᠢᠯᠲᠠ ᠲᠠᠢ ᠥᠷᠨᠢᠭᠦᠯᠪᠡ᠃ | ᠶᠠᠫᠤᠨ ᠢ ᠡᠰᠡᠷᠭᠦᠴᠡᠬᠦ ᠲᠠᠶᠢᠨ ᠢᠯᠠᠯᠲᠠ ᠣᠯᠬᠤ ᠠᠴᠠ ᠡᠮᠦᠨᠡᠬᠡᠨ᠂ ᠳ᠋ᠤᠸᠠᠨ ᠳ᠋ᠧ ᡁᠢ ᠬᠥᠬᠡᠬᠤᠲᠠ ᠳᠤ ᠣᠷᠣᠵᠤ ᠬᠤᠳᠠ ᠶᠢᠨ ᠨᠢᠭᠤᠴᠠ ᠠᠵᠢᠯ ᠢ | ᠥᠷᠨᠢᠭᠦᠯᠵᠡᠢ᠃ ᠲᠡᠷᠡ ᠰᠦᠢᠶᠤᠸᠠᠨ ᠤ ᠵᠧᠩ ᠹᠧᠩ ᠳᠤᠮᠳᠠᠳᠤ ᠰᠤᠷᠭᠠᠭᠤᠯᠢ ᠶᠢᠨ ᠪᠠᠭᠰᠢ ᠶᠢᠨ ᠪᠡᠶ᠎ᠡ ᠶᠢᠨ ᠭᠠᠷᠤᠯ ᠢᠶᠠᠷ ᠬᠠᠯᠬᠠᠪᠴᠢ ᠪᠣᠯᠭᠠᠵᠤ᠂ ᠶᠠᠫᠤᠨ | ᠬᠠᠭᠤᠷᠮᠠᠭ ᠴᠡᠷᠢᠭ ᠤᠨ ᠨᠢᠭᠤᠴᠠ ᠮᠡᠳᠡᠭᠡ ᠶᠢ ᠴᠤᠭᠯᠠᠭᠤᠯᠪᠠ᠃ ᠶᠠᠫᠤᠨ ᠪᠠᠭᠤᠵᠤ ᠥᠭᠭᠦᠭᠰᠡᠨ ᠤ ᠲᠠᠷᠠᠭ᠎ᠠ᠂ ᠲᠡᠷᠡ ᠪᠠᠰᠠ ᠭᠤᠮᠢᠨᠳᠠᠩ ᠤᠨ ᠬᠦᠢᠰᠦ᠋ᠢ ᠬᠤᠳᠠ ᠶᠢᠨ | ᠨᠠᠮ ᠤᠨ ᠵᠠᠬᠢᠷᠭ᠎ᠠ ᠳᠤ ᠠᠵᠢᠯᠯᠠᠭᠴᠢ ᠶᠢᠨ ᠲᠤᠰᠢᠶᠠᠯ ᠢ ᠣᠯᠣᠭᠰᠠᠨ ᠪᠠᠶᠢᠨ᠎ᠠ᠃ 1945 ᠣᠨ ᠤ 10 ᠰᠠᠷ᠎ᠠ ᠶᠢᠨ ᠠᠩᠬᠠᠳᠤᠭᠠᠷ ᠤᠳᠠᠭᠠᠨ ᠤ ᠰᠦᠢᠶᠤᠸᠠᠨ ᠤ | ᠳᠠᠶᠢᠯᠠᠯᠳᠤᠭᠠᠨ ᠤ ᠦᠶ᠎ᠡ ᠳᠤ᠂ ᠲᠡᠷᠡ ᠬᠠᠷᠢᠴᠠᠭ᠎ᠠ ᠬᠤᠯᠪᠣᠭ᠎ᠠ ᠪᠠᠷ ᠳᠠᠮᠵᠢᠭᠤᠯᠤᠨ ᠮᠤᠵᠢ ᠶᠢᠨ ᠵᠠᠰᠠᠭ ᠤᠨ ᠣᠷᠳᠣᠨ ᠤ ᠨᠢᠭᠤᠴᠠ ᠴᠢᠬᠤᠯᠠ ᠬᠥᠮᠥᠰ ᠤᠨ | ᠭᠠᠷ ᠠᠴᠠ ᠬᠦᠢᠰᠦ᠋ᠢ ᠬᠤᠳᠠ ᠶᠢᠨ ᠬᠠᠮᠠᠭᠠᠯᠠᠯᠲᠠ ᠶᠢᠨ ᠪᠠᠬᠢᠯᠡᠯᠲᠡ ᠶᠢᠨ ᠵᠢᠷᠤᠭ ᠢ ᠣᠯᠵᠤ᠂ ᠴᠠᠭ ᠲᠤᠬᠠᠢ ᠳᠤᠨᠢ ᠮᠠᠨ ᠤ ᠬᠤᠳᠠ ᠶᠢ ᠲᠠᠭᠠᠷᠢᠬᠤ ᠴᠡᠷᠢᠭ ᠠᠩᠭᠢ ᠳᠤ | ᠬᠠᠩᠭᠠᠭᠰᠠᠨ ᠪᠠᠶᠢᠨ᠎ᠠ᠃ | 1946 ᠣᠨ ᠤ 8 ᠰᠠᠷ᠎ᠠ ᠶᠢᠨ 14 ᠤ ᠡᠳᠦᠷ ᠵᠣᠯ ᠪᠤᠰᠤ ᠪᠠᠷ ᠪᠠᠷᠢᠪᠴᠢᠯᠠᠭᠳᠠᠪᠠ᠃ ᠲᠡᠷᠡ ᠭᠢᠨᠳᠠᠨ ᠳᠠᠬᠢ ᠲᠡᠮᠡᠴᠡᠯ ᠢ ᠵᠣᠬᠢᠶᠠᠨ ᠪᠠᠶᠢᠭᠤᠯᠬᠤ ᠳᠤ | ᠣᠷᠣᠯᠴᠠᠵᠤ᠂ ᠰᠠᠯᠬᠢ ᠨᠡᠪᠲᠡᠷᠡᠭᠦᠯᠬᠦ ᠴᠠᠭ ᠢ ᠤᠷᠲᠤᠳᠬᠠᠵᠤ᠂ ᠬᠤᠭᠤᠯᠠ ᠴᠠᠳᠲᠠᠯ᠎ᠠ ᠢᠳᠡᠬᠦ ᠪᠠᠷ ᠲᠡᠮᠡᠴᠡᠭᠡᠳ ᠪᠦᠷ ᠠᠮᠵᠢᠯᠲᠠ ᠣᠯᠣᠭᠰᠠᠨ ᠪᠠᠶᠢᠨ᠎ᠠ᠃ | ᠬᠠᠷᠠᠭᠤᠯ ᠤᠨ ᠬᠥᠮᠥᠰ ᠤᠨ ᠰᠠᠶᠢᠰᠢᠶᠠᠨ ᠳᠡᠮᠵᠢᠯᠭᠡ ᠶᠢ ᠣᠯᠣᠭᠰᠠᠨ ᠠᠴᠠ 12 ᠰᠠᠷ᠎ᠠ ᠶᠢᠨ 30 ᠤ ᠡᠳᠦᠷ ᠬᠠᠷᠠᠭᠤᠯ ᠶᠠᠨ ᠬᠠᠢ ᠱᠠᠨ ᠲᠠᠢ ᠬᠠᠮᠲᠤ ᠭᠢᠨᠳᠠᠨ ᠠᠴᠠ | ᠣᠷᠭᠤᠵᠦ ᠱᠠᠨ ᠰᠢ ᠶᠢᠨ ᠪᠠᠷᠠᠭᠤᠨ ᠬᠤᠶᠢᠲᠤ ᠬᠡᠰᠡᠭ ᠤᠨ ᠴᠢᠯᠦᠭᠡᠯᠡᠭᠳᠡᠭᠰᠡᠨ ᠣᠷᠣᠨ ᠳᠤ ᠬᠦᠷᠴᠡᠢ᠃ | 1948 ᠣᠨ ᠤ ᠡᠬᠢ ᠪᠠᠷ᠂ ᠳ᠋ᠤᠸᠠᠨ ᠳ᠋ᠧ ᡁᠢ ᠪᠣᠯᠣᠨ ᠶᠠᠨ ᠬᠠᠢ ᠱᠠᠨ ᠲᠣᠮᠢᠯᠠᠯᠲᠠ ᠪᠠᠷ ᠬᠥᠬᠡᠬᠤᠲᠠ ᠳᠤ ᠪᠤᠴᠠᠵᠤ ᠨᠢᠭᠤᠴᠠ ᠠᠵᠢᠯ ᠬᠢᠪᠡ᠃ | ᠰᠦᠢᠶᠤᠸᠠᠨ ᠳᠤ ᠪᠤᠴᠠᠬᠤ ᠵᠠᠮ ᠳᠠᠭᠠᠨ ᠵᠣᠯ ᠪᠤᠰᠤ ᠪᠠᠷ ᠬᠤᠸᠠᠬᠤᠰᠢᠭᠤ ᠲᠣᠰᠬᠤᠨ ᠳᠤ ᠪᠠᠷᠢᠪᠴᠢᠯᠠᠭᠳᠠᠪᠠ᠃ ᠭᠤᠮᠢᠨᠳᠠᠩ ᠤᠨ ᠬᠦᠢᠰᠦ᠋ᠢ ᠶᠢᠨ ᠰᠡᠷᠭᠡᠶᠢᠯᠡᠯᠲᠡ ᠶᠢᠨ | ᠵᠠᠬᠢᠷᠭᠠᠨ ᠤ ᠭᠠᠵᠠᠷ ᠲᠤ ᠬᠦᠨᠳᠦ ᠡᠷᠡᠭᠦᠦ ᠲᠠᠮᠤᠯᠠᠯ ᠢ ᠮᠣᠬᠤᠲᠠᠯᠠ ᠠᠮᠰᠠᠵᠠᠢ᠃ 4 ᠰᠠᠷ᠎ᠠ ᠶᠢᠨ ᠦᠶ᠎ᠡ ᠪᠠᠷ᠂ ᠭᠤᠮᠢᠨᠳᠠᠩ ᠤᠨ ᠬᠦᠢᠰᠦ᠋ᠢ ᠶᠢᠨ ᠲᠡᠷᠰᠯᠡᠭᠦᠦ ᠡᠷᠬᠡ | ᠪᠠᠷᠢᠭᠴᠢᠳ ᠲᠡᠳᠡᠨ ᠢ ᠡᠷᠡᠭᠦᠦ ᠶᠢᠨ ᠲᠡᠷᠭᠡᠨ ᠳᠤ ᠲᠡᠭᠡᠭᠡᠵᠦ᠂ ᠰᠠᠨ ᠳ᠋ᠣᠣ ᠴᠢᠶᠣᠤ ᠳᠤ ᠠᠪᠠᠴᠢᠭᠠᠳ ᠫᠤᠤᠳᠠᠨ ᠬᠥᠨᠥᠭᠡᠪᠡ᠃ ᠡᠷᠡᠭᠦᠳᠡᠬᠦ ᠠᠴᠠ ᠡᠮᠦᠨ᠎ᠡ᠂ ᠳ᠋ᠤᠸᠠᠨ | ᠳ᠋ᠧ ᡁᠢ᠂ ᠶᠠᠨ ᠬᠠᠢ ᠱᠠᠨ ᠲᠥᠪ ᠶᠣᠰᠣᠨ ᠤ ᠲᠥᠯᠥᠭᠡ ᠲᠡᠷᠢᠭᠦᠨ ᠭᠤᠳᠦ᠋ᠢᠵᠤ᠂ ᠭᠤᠮᠢᠨᠳᠠᠩ ᠤᠨ ᠲᠡᠷᠰᠯᠡᠭᠦᠴᠦᠳ ᠢ ᠦᠬᠦᠲᠡᠯ᠎ᠡ ᠬᠠᠷᠢᠶᠠᠵᠤ᠂ ︽ᠳᠤᠮᠳᠠᠳᠤ | ᠤᠯᠤᠰ ᠤᠨ ᠡᠪ ᠬᠠᠮᠲᠤ ᠨᠠᠮ ᠮᠠᠨᠳᠤᠲᠤᠭᠠᠢ︾ ︽ᠮᠠᠤ ᠲᠡᠷᠢᠭᠦᠯᠡᠭᠴᠢ ᠲᠦᠮᠡᠨ ᠨᠠᠰᠤᠯᠠᠲᠤᠭᠠᠢ︾ ᠭᠡᠵᠦ ᠥᠨᠳᠥᠷ ᠲᠠᠭᠤᠨ ᠢᠶᠠᠷ ᠬᠠᠰᠬᠢᠷᠪᠠ᠃ |