ᠰᠤᠷᠪᠤᠯᠵᠢᠯᠠᠭᠴᠢ 2 ᠰᠠᠷ᠎ᠠ ᠶᠢᠨ 1 ᠤ ᠡᠳᠦᠷ ᠱᠠᠩᠬᠠᠶ ᠶᠢᠨ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠰᠠᠯᠠᠭ᠎ᠠ ᠮᠥᠴᠢᠷ ᠠᠴᠠ ᠣᠶᠢᠯᠠᠭᠠᠭᠰᠠᠨ ᠢᠶᠠᠷ᠂ ᠣᠶᠢᠷ᠎ᠠ ᠳᠤ ᠱᠠᠩᠬᠠᠶ ᠶᠢᠨ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠢᠳᠡᠭᠡᠨ ᠤ ᠠᠮᠤᠷ ᠲᠦᠪᠰᠢᠨ ᠤ ᠰᠤᠭᠤᠴᠢᠨ | ᠪᠠᠶᠢᠴᠠᠭᠠᠯᠲᠠ ᠬᠢᠪᠡ᠂ ᠲᠣᠰ ᠤᠳᠠᠭᠠᠨ ᠤ ᠰᠤᠭᠤᠴᠢᠨ ᠪᠠᠶᠢᠴᠠᠭᠠᠯᠲᠠ ᠶᠢᠨ ᠮᠡᠳᠡᠭᠡ ᠵᠠᠩᠭᠢ ᠳᠤ 5 ᠶᠡᠭᠡ | ᠲᠥᠷᠥᠯ ᠤᠨ ᠢᠳᠡᠭᠡᠨ ᠳᠤ ᠬᠤᠯᠪᠣᠭᠳᠠᠵᠦ᠂ ᠪᠢᠩᠭᠠᠨ᠂ ᠪᠣᠭᠤᠷᠰᠤᠭ᠂ ᠯᠠᠰᠠᠳᠤ ᠢᠳᠡᠭᠡᠨ᠂ ᠠᠮᠤ ᠪᠤᠳᠠᠭ᠎ᠠ ᠪᠠᠷ | ᠪᠣᠯᠪᠠᠰᠤᠷᠠᠭᠤᠯᠤᠭᠰᠠᠨ ᠡᠳ᠋ ᠪᠠ ᠢᠳᠡᠰᠢᠨ ᠤ ᠲᠠᠷᠢᠶᠠᠯᠠᠩ ᠤᠨ ᠪᠦᠲᠦᠭᠡᠭᠳᠡᠬᠦᠨ ᠢ ᠪᠠᠭᠳᠠᠭᠠᠵᠠᠢ᠃ ᠨᠡᠶᠢᠲᠡ 513 | ᠪᠦᠯᠦᠭ ᠤᠳᠠᠭ᠎ᠠ ᠶᠢᠨ ᠥᠯᠢᠭᠡᠷ ᠡᠳ᠋ ᠢ ᠰᠤᠭᠤᠴᠢᠨ ᠪᠠᠶᠢᠴᠠᠭᠠᠵᠦ᠂ ᠡᠭᠦᠨ ᠳᠤ 509 ᠪᠦᠯᠦᠭ ᠤᠳᠠᠭ᠎ᠠ ᠶᠢᠨ | ᠥᠯᠢᠭᠡᠷ ᠡᠳ᠋ ᠬᠢᠷᠢ ᠲᠡᠩᠴᠡᠵᠠᠢ᠂ ᠣᠲᠣ 4 ᠪᠦᠯᠦᠭ ᠤᠳᠠᠭ᠎ᠠ ᠶᠢᠨ ᠬᠢᠷᠢ ᠲᠡᠩᠴᠡᠭᠰᠡᠨ ᠥᠬᠡᠶ ᠦᠢᠯᠡᠳᠬᠦᠨ ᠢ | ᠨᠡᠶᠢᠲᠡᠯᠡᠰᠦᠭᠡᠢ᠃ | ᠬᠢᠷᠢ ᠲᠡᠩᠴᠡᠭᠰᠡᠨ ᠦᠭᠡᠢ ᠦᠯᠢᠭᠡᠷ ᠡᠳ᠋᠄ | 1. ᠭᠤᠭᠤᠳ ︵ᠪᠣᠷᠣᠯᠠᠭᠤᠯᠭ᠎ᠠ ᠶᠢᠨ ᠬᠤᠳᠠᠯᠳᠤᠭᠠᠴᠢᠨ ᠨᠢ ᠱᠠᠩᠬᠠᠶ ᠬᠤᠲᠠ ᠶᠢᠨ ᠵᠢᠶᠠ ᠳ᠋ᠢᠩ | ᠲᠣᠭᠤᠷᠢᠭ ᠤᠨ ᠬᠤᠸᠠᠩ ᠳ᠋ᠦ᠋ ᠪᠠᠯᠭᠠᠰᠤᠨ ᠤ ᠵᠧᠩ ᠴᠢᠤᠸᠠᠨ ᠢᠳᠡᠰᠢᠨ ᠨᠣᠭᠤᠭ᠎ᠠ ᠶᠢᠨ ᠳᠡᠯᠭᠡᠭᠦᠷ᠂ ᠰᠦᠯᠵᠢᠶᠡᠨ ᠤ | ᠳᠡᠯᠭᠡᠭᠦᠷ ᠤᠨ ᠨᠡᠷᠡᠶᠢᠳᠦᠯ ᠥᠯᠥᠰᠪᠡ ᠦᠦ — ᠶᠢᠦ ᠰᠢᠶᠠᠨ ᠨᠢᠭᠡ ᠨᠤᠮᠧᠷᠳᠦ ᠱᠠᠩᠬᠠᠶ ᠶᠢᠨ ᠬᠤᠸᠠᠩ ᠳ᠋ᠦ᠋ | ᠢᠳᠡᠰᠢᠨ ᠨᠣᠭᠤᠭ᠎ᠠ ᠶᠢᠨ ᠵᠠᠬ᠎ᠠ ᠳᠡᠯᠭᠡᠭᠦᠷ︶ ᠬᠢᠷᠢ ᠲᠡᠩᠴᠡᠭᠦ ᠥᠬᠡᠶ ᠲᠥᠷᠥᠯ ᠵᠦᠢᠯ᠄ ᠪᠠᠺᠲ᠋ᠧᠷᠢ ᠠᠯᠠᠬᠤ ᠡᠮ ᠹᠦ᠋ | ᠮᠸᠢ ᠯᠢ | 2. ᠬᠠᠶᠢᠭᠠ ᠵᠢᠭᠠᠰᠤ ︵ᠪᠣᠷᠣᠯᠠᠭᠤᠯᠭ᠎ᠠ ᠶᠢᠨ ᠬᠤᠳᠠᠯᠳᠤᠭᠠᠴᠢᠨ ᠨᠢ ᠱᠠᠩᠬᠠᠶ ᠶᠢᠨ ᠵᠢᠩ ᠬᠤᠩ | ᠠᠷᠠᠯᠵᠢᠶᠠᠨ ᠤ ᠬᠢᠵᠠᠭᠠᠷᠲᠤ ᠺᠣᠮᠫᠠᠨᠢ︶᠂ ᠬᠢᠷᠢ ᠲᠡᠩᠴᠡᠭᠦ ᠥᠬᠡᠶ ᠲᠥᠷᠥᠯ ᠵᠦᠢᠯ᠄ ᠲᠣᠭᠤᠰ ᠴᠢᠯᠠᠭᠤᠨ ᠨᠣᠭᠤᠭᠠᠨ | ᠠᠭᠤᠰᠤᠮᠠᠯ | 3. ᠬᠡᠯᠲᠡᠭᠡ ᠵᠢᠭᠠᠰᠤ ︵ᠪᠣᠷᠣᠯᠠᠭᠤᠯᠭ᠎ᠠ ᠶᠢᠨ ᠬᠤᠳᠠᠯᠳᠤᠭᠠᠴᠢᠨ ᠨᠢ ᠱᠠᠩᠬᠠᠶ ᠬᠤᠲᠠ ᠶᠢᠨ ᠹᠧᠩ ᠰᠢᠶᠠᠨ | ᠲᠣᠭᠤᠷᠢᠭ ᠤᠨ ᠵᠢᠶᠦ᠋ᠨ ᠶᠧ ᠤᠰᠤᠨ ᠭᠠᠷᠤᠯᠲᠠ ᠶᠢᠨ ᠡᠵᠡᠩᠨᠡᠯᠲᠡ ᠶᠢᠨ ᠭᠠᠵᠠᠷ︶᠂ ᠬᠢᠷᠢ ᠲᠡᠩᠴᠡᠬᠦ ᠦᠭᠡᠶ | ᠲᠥᠷᠥᠯ ᠵᠦᠢᠯ᠄ ᠪᠠᠺᠲ᠋ᠧᠷᠢ ᠲᠠᠷᠤᠬᠤ ᠡᠮ ᠡᠸ᠋ᠨ ᠨᠦᠸᠧ ᠱᠠ ᠰᠢᠩ | 4. ᠬᠡᠦᠷᠰᠢᠮᠡᠯ ᠰᠢᠬᠢᠷᠲᠦ ᠪᠢᠩᠭᠠᠨ ︵ᠦᠢᠯᠡᠳᠪᠦᠷᠢᠯᠡᠭᠰᠡᠨ ᠬᠤᠳᠠᠯᠳᠤᠭᠠᠴᠢᠨ ᠨᠢ ᠬᠤᠪᠧᠢ ᠶᠢᠨ ᠭᠤᠸᠠᠩ | ᠹᠧᠩ ᠢᠳᠡᠭᠡᠨ ᠤ ᠬᠢᠵᠠᠭᠠᠷᠲᠤ ᠺᠣᠮᠫᠠᠨᠢ᠂ ᠪᠣᠷᠣᠯᠠᠭᠤᠯᠭ᠎ᠠ ᠶᠢᠨ ᠬᠤᠳᠠᠯᠳᠤᠭᠠᠴᠢᠨ ᠨᠢ ᠱᠠᠩᠬᠠᠢ ᠬᠤᠲᠠ ᠶᠢᠨ ᠹᠧᠩ | ᠰᠢᠶᠠᠨ ᠲᠣᠭᠤᠷᠢᠭ ᠤᠨ ᠯᠠᠢ ᠹᠧᠨ ᠢᠳᠡᠭᠡᠨ ᠤ ᠳᠡᠯᠭᠡᠭᠦᠷ︶᠂ ᠬᠢᠷᠢ ᠲᠡᠩᠴᠡᠬᠦ ᠦᠭᠡᠢ ᠲᠥᠷᠦᠯ ᠵᠦᠢᠯ᠄ ᠬᠡᠲᠦ | ᠢᠰᠦᠯᠳᠦᠯ ᠤᠨ ᠬᠡᠮᠵᠢᠭᠳᠡᠯ ︵ᠦᠭᠡᠭᠦᠨ ᠤ ᠬᠡᠮᠵᠢᠬᠦᠷ ᠢᠶᠠᠷ ᠪᠣᠳᠣᠪᠠ︶ |