ᠣᠶᠢᠷ᠎ᠡ ᠳᠤ᠂ ᠬᠢᠵᠢᠭ ᠲᠤ ᠬᠤᠯᠪᠣᠭᠳᠠᠭᠰᠠᠨ ᠡᠯ᠎ᠡ ᠵᠦᠢᠯ ᠤᠨ ᠴᠤᠤᠷᠬᠠᠯ ᠲᠠᠰᠤᠷᠠᠯᠲᠠ ᠦᠭᠡᠢ ᠭᠠᠷᠴᠤ᠂ | ᠤᠯᠤᠰ ᠤᠨ ᠬᠢᠵᠢᠭ ᠢ ᠰᠡᠷᠭᠡᠶᠢᠯᠡᠬᠦ ᠲᠥᠷᠥ ᠶᠢᠨ ᠪᠣᠳᠣᠯᠭ᠎ᠠ ᠶᠢ ᠭᠠᠵᠢᠭᠤᠳᠠᠭᠤᠯᠤᠨ᠂ ᠣᠯᠠᠨ ᠲᠦᠮᠡᠨ ᠤ ᠬᠢᠵᠢᠭ ᠢ | ᠳᠠᠷᠤᠬᠤ ᠢᠲᠡᠭᠡᠯ ᠢ ᠠᠯᠳᠠᠷᠠᠭᠠᠵᠤ᠂ ᠨᠡᠶᠢᠭᠡᠮ ᠤᠨ ᠲᠣᠭᠲᠠᠭᠤᠨ ᠪᠠᠶᠢᠳᠠᠯ ᠢ ᠬᠦᠨᠳᠦ ᠨᠣᠴᠢᠲᠠᠢ ᠬᠤᠬᠢᠷᠠᠭᠤᠯᠤᠭᠰᠠᠨ | ᠪᠣᠯᠬᠤᠷ ᠠᠷᠠᠳ ᠣᠯᠠᠨ ᠡᠭᠦᠨ ᠤ ᠳᠦᠯᠦᠬᠡ ᠮᠠᠰᠢ ᠰᠠᠨᠠᠭ᠎ᠠ ᠪᠤᠯᠵᠦ ᠪᠠᠶᠢᠨ᠎ᠠ᠃ ᠡᠭᠦᠨ ᠤ ᠲᠤᠯᠠᠳᠠ᠂ ᠲᠥᠪ ᠤᠨ | ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠠᠯᠪᠠᠨ ᠭᠡᠷ ︽ᠰᠦᠯᠵᠢᠶᠡᠨ ᠤ ᠴᠤᠤᠷᠬᠠᠯ ᠪᠠ ᠬᠤᠳᠠᠯ ᠬᠠᠭᠤᠷᠮᠠᠭ | ᠮᠡᠳᠡᠭᠡ ᠵᠠᠩᠭᠢ ᠳᠤ ᠴᠣᠬᠢᠯᠲᠠ ᠥᠭᠬᠦ︾ ᠲᠤᠰᠬᠠᠢ ᠠᠵᠢᠯᠯᠠᠭ᠎ᠠ ᠶᠢ ᠭᠦᠨᠵᠡᠭᠡᠢ ᠠᠬᠢᠭᠤᠯᠵᠤ᠂ ᠰᠦᠯᠵᠢᠶᠡᠨ | ᠲᠠᠪᠴᠠᠩ ᠤᠨ ᠬᠢᠵᠢᠭ ᠲᠤ ᠬᠤᠯᠪᠣᠭᠳᠠᠭᠰᠠᠨ ᠴᠤᠤᠷᠬᠠᠯ ᠢ ᠪᠦᠬᠦ ᠲᠠᠯ᠎ᠠ ᠪᠠᠷ ᠵᠢᠭᠰᠠᠭᠠᠨ ᠪᠠᠶᠢᠴᠠᠭᠠᠵᠤ ᠴᠡᠭᠴᠡᠯᠡᠨ | ᠵᠠᠰᠠᠬᠤ ᠶᠢ ᠱᠠᠭᠠᠷᠳᠠᠨ ᠵᠢᠯᠣᠭᠤᠳᠪᠠ᠃ ᠣᠲᠣ ᠪᠣᠯᠲᠠᠯ᠎ᠠ᠂ ᠪᠢᠴᠢᠯ ᠪᠯᠤᠭ᠂ ᠲᠧᠩ ᠰᠢᠶᠦ᠋ᠨ᠂ ᠲᠢᠺ ᠲᠣᠺ᠂ | ᠪᠤᠰᠢᠭᠤ ᠭᠠᠷ᠂ ᠪᠠᠢ ᠳ᠋ᠦ᠋ ᠵᠡᠷᠭᠡ ᠭᠤᠣᠯᠳᠠᠯᠭ᠎ᠠ ᠲᠠᠢ ᠰᠦᠯᠵᠢᠶᠡᠨ ᠤ ᠲᠠᠪᠴᠠᠩ ᠳᠤ ᠨᠡᠶᠢᠲᠡ 2700 ᠭᠠᠷᠤᠢ | ᠨᠣᠮᠧᠷ ᠢ ᠰᠢᠢᠳᠪᠦᠷᠢᠯᠡᠵᠦ᠂ ᠴᠤᠤᠷᠬᠠᠯ ᠳᠠᠷᠢᠵᠦ ᠴᠤᠤᠷᠬᠠᠯ ᠲᠠᠷᠬᠠᠭᠠᠬᠤ ᠦᠶ᠋ᠯᠡ ᠠᠵᠢᠯᠯᠠᠭ᠎ᠠ ᠳᠤ ᠡᠷᠡᠰ ᠴᠣᠬᠢᠯᠲᠠ | ᠥᠭᠪᠡ᠃ ᠨᠡᠶᠢᠲᠡᠯᠢᠭ ᠬᠡᠷᠡᠭ ᠤᠨ ᠵᠢᠱᠢᠶ᠎ᠡ ᠳᠣᠣᠷᠠᠬᠢ ᠮᠡᠲᠦ᠄ | 1. ︽ᠳ᠋ᠧᠯᠳ᠋ᠨ ᠤᠮᠢᠺᠷᠤᠨ ᠡᠭᠡᠯᠵᠢᠯᠡᠵᠦ ᠪᠠᠶᠢᠨ᠎ᠠ︾ ᠬᠡᠬᠦ ᠲᠤᠬᠠᠢ ᠴᠤᠤᠷᠬᠠᠯ ᠲᠠᠷᠬᠠᠭᠠᠭᠰᠠᠨ ᠬᠥᠮᠥᠨ᠃ | 2. ︽ᠲᠥᠷᠥ ᠶᠢᠨ ᠶᠠᠪᠤᠳᠠᠯ ᠤᠨ ᠬᠤᠷᠢᠶᠠᠨ ᠤ ᠬᠠᠮᠲᠤᠷᠠᠨ ᠰᠡᠷᠭᠡᠶᠢᠯᠡᠵᠦ ᠬᠠᠮᠲᠤᠷᠠᠨ ᠳᠠᠷᠣᠬᠤ ᠲᠣᠭᠲᠠᠴᠠ | ᠠᠯᠪᠠᠨ ᠶᠤᠰᠤᠭᠠᠷ ᠳᠠᠷᠬᠠᠯᠠ︾ ᠬᠡᠬᠦ ᠲᠤᠬᠠᠢ ᠴᠤᠤᠷᠬᠠᠯ ᠲᠠᠷᠬᠠᠭᠠᠭᠰᠠᠨ ᠬᠥᠮᠥᠨ᠃ | 3. ︽ᠪᠡᠭᠡᠵᠢᠩ ᠤᠨ ᠳ᠋ᠢ ᠲᠠᠨ ᠡᠮᠨᠡᠯᠭᠡ ᠶᠢᠨ ᠬᠤᠷᠢᠶ᠎ᠠ ᠶᠢ ᠪᠢᠲᠡᠭᠦᠮᠵᠢᠯᠡᠪᠡ︾ ᠬᠡᠬᠦ ᠴᠤᠤᠷᠬᠠᠯ ᠲᠠᠷᠬᠠᠭᠠᠭᠰᠠᠨ | ᠬᠥᠮᠥᠨ᠃ | 4. ︽ᠪᠡᠭᠡᠵᠢᠩ ᠤᠨ ᠲᠦᠭᠡᠭᠡᠯ ᠤᠰᠤ ᠠᠴᠠ ᠬᠢᠵᠢᠭ ᠢᠯᠡᠷᠡᠪᠡ︾ ᠭᠡᠰᠡᠨ ᠴᠤᠤᠷᠬᠠᠯ ᠲᠠᠷᠬᠠᠭᠠᠭᠰᠠᠨ ᠬᠥᠮᠥᠨ᠃ | | 5. ︽ᠱᠠᠩᠬᠠᠢ ᠶᠢᠨ ᠫᠦ᠋ ᠳ᠋ᠦᠩ ᠤᠨ ᠨᠢᠬᠡ ᠬᠤᠷᠢᠶᠠᠯᠠᠯ ᠳᠤ ᠬᠥᠮᠥᠨ ᠤ ᠬᠡᠭᠦᠷ ᠢ ᠰᠢᠲᠠᠭᠠᠭᠰᠠᠨ︾ ᠬᠡᠬᠦ | ᠴᠤᠤᠷᠬᠠᠯ ᠲᠠᠷᠬᠠᠭᠠᠭᠰᠠᠨ ᠬᠥᠮᠥᠨ᠃ | 6. ︽ᠬᠢᠵᠢᠭ ᠠᠴᠠ ᠪᠣᠯᠵᠤ ᠲᠦᠷᠭᠡᠨ ᠬᠦᠷᠭᠡᠯᠲᠡ ᠶᠢᠨ ᠦᠢᠯᠡᠰ ᠢ 1 ᠳ᠋ᠣᠭᠡᠷ ᠰᠠᠷ᠎ᠠ ᠶᠢᠨ 8 ᠤ ᠡᠳᠦᠷ | ᠵᠣᠭᠰᠤᠭᠠᠬᠤ ᠪᠠᠷ ᠤᠯᠤᠰ ᠠᠴᠠ ᠱᠠᠭᠠᠷᠳᠠᠵᠤ ᠪᠠᠶᠢᠨ᠎ᠠ︾ ᠬᠡᠬᠦ ᠴᠤᠤᠷᠬᠠᠯ ᠲᠠᠷᠬᠠᠭᠠᠭᠰᠠᠨ ᠬᠥᠮᠥᠨ᠃ | 7. ︽ᠦᠷᠦᠮᠴᠢ ᠶᠢᠨ ᠳᠦᠷ ᠴᠠᠭ ᠤᠨ ᠡᠮᠨᠡᠯᠬᠡ ᠳᠤ ᠱᠠᠯᠢᠬᠯᠠᠵᠦ ᠠᠭᠠᠰᠢᠯᠠᠬᠰᠠᠨ︾ ᠬᠡᠬᠦ ᠲᠤᠬᠠᠢ ᠴᠤᠤᠷᠬᠠᠯ | ᠲᠠᠷᠬᠠᠭᠠᠭᠰᠠᠨ ᠬᠥᠮᠥᠨ᠃ | 8. ︽ᠳ᠋ᠠᠴᠢᠩ ᠬᠤᠲᠠ ᠶᠢᠨ ᠵᠢᠷᠮᠦᠰᠦᠨ ᠪᠦᠰᠡᠭᠦᠢ ᠡᠮᠨᠡᠬᠦᠯᠵᠦ ᠴᠢᠳᠠᠭ᠎ᠠ ᠦᠬᠡᠢ ᠤᠷᠤᠭ ᠤᠨᠠᠭᠠᠭᠰᠠᠨ︾ | ᠬᠡᠬᠦ ᠴᠤᠤᠷᠬᠠᠯ ᠲᠠᠷᠬᠠᠭᠠᠭᠰᠠᠨ ᠬᠥᠮᠥᠨ᠃ | |