ᠴᠠᠭᠠᠨ ᠰᠠᠷ᠎ᠠ ᠦᠯᠡᠳᠡᠭᠰᠡᠨ ᠬᠤᠭᠤᠯᠠ ᠪᠠᠨ ᠶᠠᠭᠠᠬᠢᠵᠤ ᠰᠢᠢᠳᠪᠦᠷᠢᠯᠡᠬᠦ ᠪᠤᠢ︖
ᠨᠡᠶᠢᠲᠡᠯᠡᠭᠰᠡᠨ ᠴᠠᠭ᠄
2023/3/23
      ᠬᠦᠮᠦᠰ ᠶᠡᠷᠦᠨᠢ ᠴᠠᠭᠠᠨ ᠰᠠᠷ᠎ᠠ ᠶᠢᠨ ᠬᠤᠭᠤᠯᠠ ᠪᠤᠳᠠᠭ᠎ᠠ ᠪᠠᠨ ᠡᠯᠪᠡᠭ ᠲᠡᠯᠪᠡᠭ ᠪᠡᠯᠡᠳᠭᠡᠳᠡᠭ ᠪᠤᠯᠬᠤᠷ ᠬᠤᠭᠤᠯᠠ ᠪᠤᠳᠠᠭ᠎ᠠ ᠶᠡᠭᠡ ᠤᠯᠠᠨ ᠦᠯᠡᠳᠡᠳᠡᠭ᠂ ᠲᠡᠭᠡᠪᠡᠯ ᠦᠯᠡᠳᠡᠭᠰᠡᠨ ᠬᠤᠭᠤᠯᠠ ᠪᠠᠨ ᠶᠠᠭᠠᠬᠢᠵᠦ ᠰᠢᠢᠳᠪᠦᠷᠢᠯᠡᠪᠡᠯ ᠰᠠᠶᠢᠨ ᠪᠠᠶᠢᠳᠠᠭ ᠪᠤᠢ︖       ᠬᠤᠭᠤᠯᠠ ᠪᠤᠳᠠᠭ᠎ᠠ ᠦᠯᠡᠳᠡᠭᠡᠳ 8 ᠴᠠᠭ ᠠᠴᠠ ᠬᠡᠳᠦᠷᠡᠪᠡᠯ ᠦᠨᠵᠢᠭᠰᠡᠨ ᠬᠤᠭᠤᠯᠠ ᠳᠤ ᠲᠤᠭᠠᠴᠠᠬᠳᠠᠨ᠎ᠠ᠂ ᠬᠡᠳᠦᠢ ᠤᠳᠠᠭᠠᠨ ᠲᠠᠯᠪᠢᠪᠠᠯ ᠲᠣᠳᠠᠭᠤ ᠠᠽᠤᠲ ᠬᠦᠴᠢᠯ ᠤᠨ ᠲᠠᠪᠤᠰᠤᠨ ᠤ ᠠᠭᠤᠯᠠᠬᠳᠠᠴᠠ ᠨᠢ ᠲᠡᠳᠦᠢ ᠦᠨᠳᠦᠷ ᠪᠤᠯᠳᠠᠭ᠃ ᠦᠨᠵᠢᠭᠰᠡᠨ ᠨᠤᠭᠤᠭ᠎ᠠ ᠪᠤᠳᠠᠭ᠎ᠠ ᠶᠢ ᠬᠦᠯᠳᠡᠭᠡᠭᠦᠷ ᠲᠤ ᠲᠠᠯᠪᠢᠭᠠᠳ 24 ᠴᠠᠭ ᠬᠡᠳᠦᠷᠡᠬᠦ ᠦᠭᠡᠢ ᠪᠤᠯ᠂ ᠲᠣᠳᠠᠭᠤ ᠠᠽᠤᠲ ᠬᠦᠴᠢᠯ ᠤᠨ ᠲᠠᠪᠤᠰᠤᠨ ᠤ ᠠᠭᠤᠯᠠᠬᠳᠠᠴᠠ ᠨᠢ 10mg/kg ᠢ ᠲᠠᠪᠠᠭ᠋ᠤ ᠦᠭᠡᠢ ᠪᠠᠶᠢᠳᠠᠭ᠂ ᠡᠶᠢᠮᠦ ᠠᠴᠠ ᠰᠠᠨᠠᠭ᠎ᠠ ᠵᠤᠪᠠᠭ᠋ᠤ ᠬᠡᠷᠡᠭ ᠦᠭᠡᠢ᠃       ᠭᠡᠪᠡᠴᠦ ᠦᠯᠡᠳᠡᠭᠰᠡᠨ ᠨᠤᠭᠤᠭ᠎ᠠ ᠴᠠᠭ᠎ᠠ ᠶᠢ ᠤᠳᠠᠭᠠᠨ ᠲᠠᠯᠪᠢᠵᠦ ᠤᠷᠳᠤ ᠬᠤᠭᠤᠴᠠᠭ᠎ᠠ ᠢᠳᠡᠵᠦ ᠪᠤᠯᠬᠤ ᠦᠭᠡᠢ ᠶᠤᠮ᠃ ᠦᠯᠡᠳᠡᠭᠰᠡᠨ ᠨᠤᠭᠤᠭ᠎ᠠ ᠳᠠᠬᠢ ᠲᠣᠳᠠᠭᠤ ᠠᠽᠤᠲ ᠬᠦᠴᠢᠯ ᠤᠨ ᠲᠠᠪᠤᠰᠤᠨ ᠤ ᠠᠭᠤᠯᠠᠬᠳᠠᠴᠠ ᠨᠢ ᠮᠢᠬᠠᠨ ᠤ ᠲᠦᠷᠦᠯ ᠤᠨ ᠬᠢ ᠠᠴᠠ ᠬᠤᠯᠠ ᠢᠯᠡᠭᠦᠦ ᠪᠠᠶᠢᠳᠠᠭ ᠪᠤᠯᠬᠤᠷ᠂ ᠮᠢᠬ᠎ᠠ ᠲᠠᠢ ᠨᠤᠭᠤᠭ᠎ᠠ ᠪᠠᠨ ᠦᠯᠡᠳᠡᠭᠡᠵᠦ᠂ ᠨᠤᠭᠤᠭ᠎ᠠ ᠴᠠᠭ᠎ᠠ ᠪᠠᠨ ᠲᠤᠰ ᠡᠳᠦᠷ ᠲᠡᠭᠡᠨ ᠢᠳᠡᠵᠦ ᠲᠠᠭᠤᠰᠬᠠᠪᠠᠯ ᠵᠤᠬᠢᠨ᠎ᠠ︔ ᠦᠯᠡᠳᠡᠭᠰᠡᠨ ᠨᠤᠭᠤᠭ᠎ᠠ ᠪᠤᠳᠠᠭ᠎ᠠ ᠬᠦᠷᠦᠭᠰᠡᠨ ᠤ ᠲᠠᠷᠠᠭ᠎ᠠ ᠲᠠᠷᠦ᠋ᠢᠬᠠᠨ ᠨᠢᠬᠳᠠ ᠪᠢᠳᠡᠭᠦᠮᠵᠢᠯᠡᠵᠦ ᠬᠦᠢᠳᠡᠨ ᠳᠤ ᠬᠠᠳᠠᠭᠠᠯᠠᠪᠠᠯ ᠵᠤᠬᠢᠨ᠎ᠠ︔ ᠦᠯᠡᠳᠡᠭᠰᠡᠨ ᠨᠤᠭᠤᠭ᠎ᠠ ᠪᠤᠳᠠᠭ᠎ᠠ ᠶᠢ ᠢᠳᠡᠬᠦ ᠠᠴᠠ ᠪᠠᠨ ᠡᠮᠦᠨ᠎ᠡ 100 ᠭᠷᠠᠳᠦ᠋ᠰ ᠢᠶᠠᠷ ᠬᠠᠯᠠᠭᠠᠬᠤ ᠪᠤᠶᠤ 5 ᠮᠢᠨᠦ᠋ᠲ ᠪᠤᠴᠠᠯᠭᠠᠵᠦ ᠢᠳᠡᠪᠡᠯ ᠵᠤᠬᠢᠨ᠎ᠠ ᠭᠡᠵᠦ ᠲᠤᠮᠳᠠᠳᠤ ᠤᠯᠤᠰ ᠤᠨ ᠠᠨᠠᠭᠠᠬᠤ ᠤᠬᠠᠭᠠᠨ ᠤ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠪᠤᠳᠤᠷ ᠤᠨ ᠡᠮᠨᠡᠯᠬᠡ ᠶᠢᠨ ᠬᠤᠷᠢᠶᠠᠨ ᠤ ᠡᠷᠭᠢᠯᠡᠭᠴᠢ ᠡᠮᠴᠢ ᠲᠢᠶᠠᠨ ᠶᠠᠨ ᠲᠤᠤ ᠰᠠᠨᠠᠭᠤᠯᠵᠦ ᠪᠠᠶᠢᠨ᠎ᠠ᠃
 
ᠢᠷᠡᠯᠲᠡ᠄ ᠬᠦᠯᠦᠨ ᠪᠦᠢᠷ ᠬᠤᠲᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号