4 ᠨᠣᠭᠤᠭ᠎ᠠ 1500 ᠲᠥᠭᠦᠷᠢᠭ᠂ ᠬᠠᠤᠯᠢ ᠶᠤᠰᠣᠨ ᠤ ᠦᠨ᠎ᠡ ᠤᠤ︖
ᠨᠡᠶᠢᠲᠡᠯᠡᠭᠰᠡᠨ ᠴᠠᠭ᠄
2023/3/23
      ᠭᠤᠸᠠᠩᠰᠢ ᠶᠢᠨ ᠪᠧᠢ ᠬᠠᠢ ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ︽4 ᠨᠣᠭᠤᠭ᠎ᠠ 1500 ᠳᠦᠬᠦᠷᠢᠭ ᠬᠦᠷᠦᠭᠰᠡᠨ︾ ᠭᠡᠷᠡᠭ ᠢ ᠪᠠᠶᠢᠴᠠᠭᠠᠨ ᠰᠢᠢᠳᠪᠦᠷᠢᠯᠡᠭᠰᠡᠨ ᠪᠠᠶᠢᠳᠠᠯ ᠢ 1 ᠳ᠋ᠣᠭᠡᠷ ᠰᠠᠷ᠎ᠠ ᠶᠢᠨ 28 ᠤ ᠡᠳᠦᠷ ᠨᠡᠶᠢᠲᠡᠯᠡᠨ ᠮᠡᠳᠡᠭᠳᠡᠪᠡ᠃         2023 ᠣᠨ ᠤ 1 ᠳ᠋ᠣᠭᠡᠷ ᠰᠠᠷ᠎ᠠ ᠶᠢᠨ 24 ᠤ ᠣᠷᠣᠢ ᠪᠧᠢ ᠬᠠᠢ ᠬᠤᠲᠠ ᠳᠤ ᠵᠢᠭᠤᠯᠴᠢᠯᠠᠵᠦ ᠪᠠᠶᠢᠬᠰᠠᠨ ᠵᠢᠭᠤᠯᠴᠢᠨ ᠳᠦᠷᠢᠶᠡᠰᠦᠨ ᠮᠠᠰᠢᠨ ᠢᠶᠠᠷ ᠨᠢᠬᠡ ᠳᠠᠯᠠᠢ ᠶᠢᠨ ᠢᠳᠡᠬᠡᠨ ᠤ ᠭᠠᠵᠠᠷ ᠬᠦᠷᠴᠦ᠂ 4 ᠨᠤᠭᠤᠭ᠎ᠠ ᠵᠠᠬᠢᠶᠠᠯᠠᠬᠤ ᠳᠤ 1587 ᠲᠥᠭᠦᠷᠢᠭ ᠵᠠᠷᠣᠬᠰᠠᠨ ᠪᠠᠶᠢᠪᠠ᠃       ᠪᠠᠶᠢᠴᠠᠭᠠᠭᠰᠠᠨ ᠢᠶᠠᠷ᠂ ᠲᠣᠰ ᠳᠡᠯᠭᠡᠭᠦᠷ ᠨᠢ ᠨᠢᠭᠡᠨᠲᠡ ︽ᠡᠵᠡᠩᠨᠡᠯᠲᠡ ᠶᠢᠨ ᠦᠨᠡᠮᠯᠡᠯ︾᠂ ︽ᠢᠳᠡᠭᠡᠨ ᠡᠵᠡᠩᠨᠡᠬᠦ ᠵᠥᠪᠰᠢᠶᠡᠷᠡᠯ ᠤᠨ ᠦᠨᠡᠮᠯᠡᠯ︾ ᠵᠡᠷᠭᠡ ᠬᠠᠤᠯᠢ ᠶᠣᠰᠣᠨ ᠤ ᠦᠨᠡᠮᠯᠡᠯ ᠲᠠᠢ ᠪᠠᠶᠢᠵᠦ᠂ ᠲᠣᠰ ᠳᠡᠯᠭᠡᠭᠦᠷ ᠤᠨ ᠲᠣᠭᠲᠠᠭᠠᠭᠰᠠᠨ ᠦᠨ᠎ᠡ ᠬᠠᠩᠰᠢ ᠨᠢ ᠴᠠᠭᠠᠨ ᠰᠠᠷ᠎ᠠ ᠶᠢᠨ ᠬᠤᠭᠤᠴᠠᠭᠠᠨ ᠳᠠᠬᠢ ᠲᠡᠯᠡᠶ ᠶᠢᠨ ᠢᠳᠡᠭᠡᠨ ᠤ ᠦᠨ᠎ᠡ ᠲᠠᠢ ᠦᠨᠳᠦᠰᠦᠨ ᠳᠡᠭᠡᠨ ᠨᠡᠶᠢᠴᠡᠵᠦ ᠪᠠᠶᠢᠨ᠎ᠠ᠃       ᠬᠠᠷᠢᠨ ᠪᠠᠶᠢᠴᠠᠭᠠᠯᠲᠠ ᠪᠠᠷ ᠳᠡᠮᠵᠢᠨ᠂ ᠲᠣᠰ ᠳᠡᠯᠭᠡᠭᠦᠷ ᠤᠨ ᠬᠢᠨ ᠲᠦᠷᠢᠶᠡᠰᠦᠨ ᠮᠠᠰᠢᠨ ᠲᠡᠷᠭᠡᠨ ᠤ ᠵᠢᠯᠣᠭᠤᠴᠢ ᠳᠤ ᠰᠠᠭᠤᠳᠬᠠᠯ ᠥᠭᠴᠦ ᠵᠣᠴᠢᠨ ᠲᠠᠲᠠᠬᠤ᠂ ᠬᠡᠷᠡᠭᠯᠡᠭᠴᠢᠳ ᠲᠠᠢ ᠣᠬᠠᠭᠠᠨ ᠢᠶᠠᠨ ᠣᠯᠣᠯᠴᠠᠬᠰᠠᠨ ᠦᠬᠡᠢ ᠪᠠᠷ ᠨᠣᠭᠤᠭ᠎ᠠ ᠪᠠᠨ ᠵᠠᠬᠢᠶᠠᠯᠠᠬᠤ᠂ ᠵᠠᠷᠢᠮ ᠲᠡᠯᠡᠶ ᠶᠢᠨ ᠢᠳᠡᠭᠡᠨ ᠢ ᠬᠤᠭᠤᠯᠠ ᠪᠠᠵᠠᠭᠠᠵᠤ ᠪᠠᠶᠢᠬᠤ ᠳᠠᠭᠠᠨ ᠬᠡᠮᠵᠢᠶ᠎ᠡ ᠶᠢ ᠨᠢ ᠬᠠᠰᠤᠬᠤ ᠵᠡᠷᠭᠡ ᠠᠰᠠᠭᠤᠳᠠᠯ ᠣᠷᠣᠰᠢᠵᠤ ᠪᠠᠶᠢᠬᠤ ᠶᠢ ᠮᠡᠳᠡᠪᠡ᠃ ᠪᠧᠢ ᠬᠠᠢ ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠵᠡᠷᠭᠡ ᠬᠠᠮᠢᠶᠠᠳᠠᠢ ᠰᠠᠯᠠᠭ᠎ᠠ ᠮᠥᠴᠢᠷ ᠠᠴᠠ ᠲᠤᠰ ᠳᠡᠯᠭᠡᠭᠦᠷ ᠢ ᠱᠠᠭᠠᠷᠳᠠᠵᠦ ᠪᠠᠶᠢᠭᠠᠳ ᠠᠵᠢᠯ ᠢ ᠨᠢ ᠵᠣᠭᠰᠣᠭᠠᠨ ᠴᠡᠭᠴᠡᠯᠡᠭᠦᠯᠵᠦ᠂ ᠬᠡᠷᠡᠭ ᠪᠣᠯᠭᠠᠨ ᠳᠡᠩᠰᠡᠯᠡᠵᠦ ᠰᠢᠢᠳᠬᠡᠵᠡᠢ᠃ ᠳᠡᠯᠭᠡᠭᠦᠷ ᠤᠨ ᠡᠵᠡᠨ ᠬᠡᠷᠡᠭᠯᠡᠭᠴᠢᠳ ᠲᠤ ᠣᠰᠣᠯ ᠬᠦᠯᠢᠶᠡᠵᠦ ᠵᠣᠭᠤᠰ ᠢ ᠨᠢ ᠪᠤᠴᠠᠭᠠᠨ᠎ᠠ ᠭᠡᠵᠦ ᠢᠯᠡᠷᠬᠡᠶᠢᠯᠡᠵᠡᠢ᠃ ᠬᠡᠷᠡᠭ ᠲᠤ ᠬᠤᠯᠪᠣᠭᠳᠠᠭᠰᠠᠨ ᠲᠦᠷᠢᠶᠡᠰᠦᠨ ᠮᠠᠰᠢᠨ ᠲᠡᠷᠭᠡᠨ ᠤ ᠵᠢᠯᠣᠭᠤᠴᠢ ᠳᠤ᠂ ᠬᠠᠮᠢᠶᠠᠳᠠᠢ ᠰᠠᠯᠠᠭ᠎ᠠ ᠮᠥᠴᠢᠷ ᠠᠴᠠ ᠲᠦᠷᠢᠶᠡᠰᠦᠨ ᠮᠠᠰᠢᠨ ᠲᠡᠷᠭᠡᠨ ᠤ ᠺᠣᠮᠫᠠᠨᠢ ᠶᠢ ᠱᠠᠭᠠᠷᠳᠠᠵᠦ ᠪᠠᠶᠢᠭᠠᠳ ᠲᠡᠭᠦᠨ ᠲᠠᠢ ᠪᠣᠯᠵᠣᠨ ᠶᠠᠷᠢᠯᠴᠠᠬᠤ᠂ ᠵᠣᠭᠤᠰ ᠢᠶᠠᠷ ᠲᠣᠷᠭᠠᠬᠤ ᠪᠠ ᠲᠣᠭᠲᠠᠭᠰᠠᠨ ᠬᠤᠭᠤᠴᠠᠭᠠᠨ ᠳᠤ ᠲᠡᠭᠡᠭᠡᠪᠦᠷᠢᠯᠡᠬᠦ ᠶᠢ ᠨᠢ ᠵᠣᠭᠰᠤᠭᠠᠬᠤ ᠪᠠᠷ ᠰᠢᠢᠳᠬᠡᠵᠡᠢ᠃    
 
ᠢᠷᠡᠯᠲᠡ᠄ ᠬᠦᠯᠦᠨ ᠪᠦᠢᠷ ᠬᠤᠲᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号