︽ᠲᠡᠮᠦᠷ ᠵᠠᠮ ᠤᠨ ᠠᠶᠠᠨᠴᠢᠳ ᠤᠨ ᠠᠪᠴᠤ ᠶᠠᠪᠤᠬᠤ ᠶᠢ ᠴᠠᠭᠠᠵᠠᠯᠠᠬᠤ᠂ ᠬᠢᠵᠠᠭᠠᠷᠯᠠᠬᠤ ᠡᠳ᠋ ᠪᠣᠳᠠᠰ ᠪᠠ | ᠨᠠᠶᠢᠳᠠᠨ ᠲᠡᠭᠡᠭᠡᠪᠦᠷᠢᠯᠡᠭᠦᠯᠬᠦ ᠡᠳ᠋ ᠪᠣᠳᠠᠰ ᠤᠨ ᠭᠠᠷᠴᠠᠭ︾ ᠤᠨ ᠠᠯᠪᠠᠨ ᠵᠠᠷᠯᠠᠯ ᠲᠠᠬᠢ ᠨᠢᠭᠡᠳᠦᠭᠡᠷ ᠵᠦᠢᠯ ᠤᠨ | ︽ᠨᠠᠶᠢᠳᠠᠨ ᠲᠡᠭᠡᠭᠡᠪᠦᠷᠢᠯᠡᠭᠦᠯᠬᠦ ᠪᠠ ᠪᠡᠶ᠎ᠡ ᠳᠡᠭᠡᠨ ᠠᠪᠴᠤ ᠶᠠᠪᠤᠬᠤ ᠶᠢ ᠴᠠᠭᠠᠵᠠᠯᠠᠬᠤ ᠡᠳ᠋ ᠪᠣᠳᠠᠰ︾ ᠪᠠ ᠳᠥᠷᠪᠡᠳᠦᠭᠡᠷ | ᠵᠦᠢᠯ ᠤᠨ ︽ᠨᠣᠴᠣᠮᠠᠲᠠᠭᠠᠢ ᠳᠡᠯᠪᠡᠷᠡᠮᠡᠲᠡᠭᠡᠢ ᠪᠣᠳᠠᠰ︾ ᠤᠨ ᠭᠡᠰᠡᠭ ᠲᠤ ︽ᠰᠫᠢᠷᠲ︾ ᠢ ᠴᠠᠭᠠᠵᠠᠯᠠᠬᠤ ᠭᠠᠷᠴᠠᠭ ᠲᠤ | ᠣᠷᠣᠭᠤᠯᠤᠨ᠎ᠠ ᠭᠡᠵᠦ ᠲᠣᠳᠣᠷᠬᠠᠢ ᠲᠣᠭᠲᠠᠭᠠᠵᠠᠢ᠃ ᠠᠶᠠᠨᠴᠢᠳ ᠠᠶᠠᠨ ᠵᠠᠮ ᠳᠠᠭᠠᠨ ᠠᠷᠢᠭᠤᠳᠬᠠᠬᠤ | ᠱᠠᠭᠠᠷᠳᠠᠯᠭ᠎ᠠ ᠲᠠᠢ ᠪᠣᠯ ᠠᠷᠢᠭᠤᠳᠬᠠᠬᠤ ᠨᠦᠢᠲᠠᠨ ᠠᠯᠴᠢᠭᠤᠷ᠂ ᠠᠷᠢᠭᠤᠳᠬᠠᠬᠤ ᠬᠥᠪᠥᠩ ᠵᠡᠷᠭᠡ ᠶᠢ ᠬᠡᠷᠡᠭᠯᠡᠵᠦ | ᠪᠣᠯᠤᠨ᠎ᠠ᠃ ᠠᠩᠬᠠᠷᠤᠭᠤᠰᠢᠳᠠᠢ ᠨᠢ ᠠᠷᠢᠭᠤᠳᠬᠠᠬᠤ ᠴᠠᠷᠴᠠᠮᠠᠯ ᠴᠠᠪᠠᠤ ᠪᠣᠯ ︽ᠠᠮᠠᠷᠬᠠᠨ ᠰᠢᠲᠠᠬᠤ ᠪᠦᠷᠢᠯᠳᠦᠬᠦᠨ | ᠠᠭᠤᠯᠤᠭᠰᠠᠨ ᠥᠪᠡᠰᠦᠪᠡᠨ ᠰᠦᠷᠴᠢᠨ ᠭᠠᠷᠬᠤ ᠳᠠᠷᠤᠯᠲᠠᠲᠤ ᠪᠤᠰᠤ ᠰᠠᠪᠠ ᠳᠤ ᠰᠠᠪᠠᠯᠠᠬᠰᠠᠨ ᠡᠳᠦᠷ ᠲᠤᠲᠤᠮ ᠤᠨ | ᠬᠡᠷᠡᠭᠰᠡᠯ︾ ᠪᠤᠯᠬᠤ ᠪᠦᠭᠡᠳ ᠠᠶᠤᠯᠬᠦᠢ ᠶᠢᠨ ᠪᠠᠶᠢᠴᠠᠭᠠᠯᠲᠠ ᠳᠤ ︽ᠪᠡᠶ᠎ᠡ ᠳᠡᠭᠡᠨ ᠠᠪᠴᠤ ᠶᠠᠪᠤᠬᠤ ᠶᠢ ᠬᠢᠵᠠᠭᠠᠷᠯᠠᠬᠤ | ᠡᠳ᠋ ᠪᠣᠳᠠᠰ︾ ᠪᠣᠯᠤᠨ᠎ᠠ᠃ ᠡᠶᠢᠮᠦ ᠠᠴᠠ ᠬᠥᠮᠦᠨ ᠪᠦᠷᠢ 1 ᠯᠡ ᠰᠢᠷᠬᠡᠭ ᠠᠪᠴᠤ ᠶᠠᠪᠤᠬᠤ ᠪᠤᠯᠬᠤ ᠮᠥᠷᠲᠡᠭᠡᠨ ᠳᠠᠩ | ᠪᠡᠶᠡᠲᠦ ᠶᠢᠨ ᠪᠠᠭᠲᠠᠭᠠᠮᠵᠢ ᠨᠢ 100 ᠮᠢᠯᠢᠯᠢᠳ᠋ᠷ ᠠᠴᠠ ᠬᠡᠲᠦᠷᠡᠵᠦ ᠪᠣᠯᠬᠤ ᠦᠭᠡᠢ᠃ |