ᠡᠮᠴᠢ ᠶᠢᠨ ᠰᠠᠨᠠᠭᠤᠯᠤᠭᠰᠠᠨ ᠨᠢ᠂ ᠦᠷᠭᠦᠯᠵᠢ ᠨᠡᠭᠦᠷᠡᠰᠦᠬᠦ᠋ᠴᠢᠯ ᠤᠨ ᠤᠮᠳᠠᠭᠠᠨ ᠢ ᠶᠡᠭᠡ ᠬᠡᠮᠵᠢᠶ᠎ᠡ ᠪᠠᠷ | ᠤᠤᠭᠤᠪᠠᠯ ᠦᠨᠡᠬᠡᠷ ᠲᠤᠯᠠᠢ ᠡᠪᠡᠳᠴᠢᠨ ᠢ ᠡᠭᠦᠰᠭᠡᠵᠦ ᠮᠡᠳᠡᠨ᠎ᠡ᠂ ᠭᠤᠤᠯᠳᠠᠭᠤ ᠤᠮᠳᠠᠭᠠᠨ ᠤ ᠳᠣᠲᠣᠷᠠᠬᠢ | ᠨᠡᠭᠦᠷᠡᠰᠦᠬᠦ᠋ᠴᠢᠯ ᠠᠴᠠ ᠪᠣᠯᠤᠭᠰᠠᠨ ᠪᠢᠰᠢ᠂ ᠬᠠᠷᠢᠨ ᠲᠡᠭᠦᠨ ᠤ ᠳᠣᠲᠣᠷᠠᠬᠢ ᠰᠢᠬᠢᠷ᠂ ᠢᠯᠠᠩᠭᠤᠶ᠎ᠠ ᠵᠢᠮᠢᠰ ᠤᠨ | ᠰᠢᠬᠢᠷ ᠠᠴᠠ ᠪᠣᠯᠤᠭᠰᠠᠨ ᠶᠤᠮ᠃ ᠵᠢᠮᠢᠰ ᠤᠨ ᠰᠢᠬᠢᠷ ᠢ ᠶᠡᠭᠡ ᠬᠡᠮᠵᠢᠶ᠎ᠡ ᠪᠠᠷ ᠢᠳᠡᠭᠰᠡᠨ ᠤ ᠳᠠᠷᠠᠭ᠎ᠠ᠂ ᠪᠢᠳᠡᠨ ᠤ ᠪᠡᠶ᠎ᠡ | ᠳᠣᠲᠣᠷ ᠫᠦᠷᠢᠨ ᠢ ᠡᠭᠦᠰᠭᠡᠵᠦ᠂ ᠲᠡᠭᠦᠨ ᠢ ᠰᠣᠯᠢᠯᠴᠠᠭ᠎ᠠ ᠬᠢᠭᠰᠡᠨ ᠤ ᠳᠠᠷᠠᠭ᠎ᠠ ᠰᠢᠭᠡᠰᠦᠨ ᠬᠦᠴᠢᠯ ᠢ ᠶᠡᠬᠡᠰᠭᠡᠵᠦ᠂ | ᠲᠤᠯᠠᠢ ᠡᠪᠡᠳᠴᠢᠨ ᠡᠭᠦᠰᠭᠡᠨ᠎ᠡ᠃ ᠡᠶᠢᠮᠦ ᠠᠴᠠ ᠰᠢᠬᠢᠷᠯᠢᠭ ᠤᠮᠳᠠᠭᠠᠨ ᠢ ᠬᠡᠳᠦᠶ ᠠᠷᠪᠢᠨ ᠤᠤᠭᠤᠪᠠᠯ ᠲᠤᠯᠠᠢ | ᠡᠪᠡᠳᠴᠢᠨ ᠡᠭᠦᠰᠬᠦ ᠲᠦᠭᠰᠢᠭᠦᠷᠢ ᠨᠢ ᠲᠡᠳᠦᠶ ᠶᠡᠭᠡ ᠪᠠᠶᠢᠳᠠᠭ᠃ ᠡᠮᠴᠢ ᠶᠢᠨ ᠲᠠᠨᠢᠯᠴᠠᠭᠤᠯᠤᠭᠰᠠᠨ ᠢᠶᠠᠷ᠂ ᠰᠢᠬᠢᠷ | ᠦᠭᠡᠢ ᠤᠮᠳᠠᠭᠠᠨ ᠤ ᠰᠢᠬᠢᠷᠯᠢᠭ ᠠᠮᠲᠠ ᠨᠢ ᠭᠤᠤᠯᠳᠠᠭᠤ ᠰᠢᠬᠢᠷᠯᠢᠭ ᠡᠳ᠋ ᠠᠴᠠ ᠢᠷᠡᠯᠲᠡ ᠲᠠᠢ᠂ ᠦᠨᠳᠦᠰᠦᠨ ᠳᠡᠭᠡᠨ | ᠬᠥᠮᠦᠨ ᠤ ᠪᠡᠶ᠎ᠡ ᠳᠤ ᠰᠢᠩᠭᠡᠭᠡᠭᠳᠡᠬᠦ ᠦᠭᠡᠢ᠂ ᠶᠡᠷᠦᠩᠬᠡᠶ ᠳᠤᠨᠢ ᠠᠪᠴᠤ ᠬᠡᠯᠡᠪᠡᠯ ᠲᠤᠯᠠᠢ ᠡᠪᠡᠳᠴᠢᠨ ᠳᠤ ᠳᠡᠮᠡᠶ | ᠨᠥᠯᠥᠭᠡ ᠦᠭᠡᠢ᠃ ᠲᠤᠯᠠᠢ ᠡᠪᠡᠳᠴᠢᠨ ᠢ ᠰᠡᠷᠭᠡᠶᠢᠯᠡᠬᠦ ᠳᠤ ᠡᠩ ᠲᠡᠷᠢᠭᠦᠨ ᠳᠤ ᠠᠷᠢᠬᠢ ᠳᠤ ᠪᠠᠭ᠎ᠠ ᠤᠶᠢᠷᠡᠳ᠂ | ᠰᠫᠢᠷᠲ ᠨᠢ ᠪᠡᠶ᠎ᠡ ᠮᠠᠬᠠᠪᠣᠳ ᠲᠤ ᠨᠡᠩ ᠠᠷᠪᠢᠨ ᠫᠦᠷᠢᠨ ᠡᠭᠦᠰᠭᠡᠳᠡᠭ ᠶᠤᠮ ᠪᠤᠯᠬᠤᠷ ᠪᠠᠭ᠎ᠠ ᠤᠤᠭᠤᠬᠤ ᠪᠤᠶᠤ | ᠤᠤᠭᠤᠬᠤ ᠦᠭᠡᠢ ᠪᠠᠶᠢᠪᠠᠯ ᠵᠣᠬᠢᠨ᠎ᠠ᠃ ᠳᠠᠷᠠᠭ᠎ᠠ ᠳᠤᠨᠢ᠂ ᠠᠮᠢᠲᠠᠨ ᠤ ᠳᠣᠲᠣᠷ ᠡᠷᠬᠡᠲᠡᠨ᠂ ᠬᠠᠯᠠᠭᠤᠨ ᠲᠣᠭᠤᠭ᠎ᠠ᠂ | ᠳᠠᠯᠠᠢ ᠶᠢᠨ ᠢᠳᠡᠭᠡᠨ ᠵᠡᠷᠭᠡ ᠫᠦᠷᠢᠨ ᠶᠡᠬᠡᠲᠡᠢ ᠢᠳᠡᠭᠡᠨ ᠢ ᠪᠠᠭ᠎ᠠ ᠢᠳᠡᠨ᠋᠃ ᠭᠤᠷᠪᠠᠳᠤᠭᠠᠷ ᠲᠤ᠂ ᠤᠰᠤ | ᠨᠥᠬᠦᠪᠥᠷᠢᠯᠡᠬᠦ ᠶᠢ ᠠᠩᠬᠠᠷᠴᠤ᠂ ᠢᠯᠡᠭᠦᠬᠡᠨ ᠤᠰᠤ ᠤᠤᠭᠤᠬᠤ ᠬᠡᠷᠡᠭᠲᠡᠢ᠃ ᠨᠠᠮᠤᠷ ᠡᠪᠦᠯ ᠪᠣᠯᠤᠭᠰᠠᠨ ᠤ ᠳᠠᠷᠠᠭ᠎ᠠ᠂ | ᠠᠭᠤᠷ ᠠᠮᠢᠰᠬᠤᠯ ᠰᠡᠷᠢᠭᠦᠨ᠂ ᠭᠠᠩ ᠬᠠᠭᠤᠷᠠᠶ ᠪᠠᠶᠢᠵᠤ᠂ ᠪᠡᠶ᠎ᠡ ᠶᠢᠨ ᠭᠠᠳᠠᠷᠭᠤ ᠠᠴᠠ ᠠᠭᠤᠷᠰᠢᠬᠤ ᠤᠰᠤ ᠨᠡᠮᠡᠭᠳᠡᠵᠦ᠂ | ᠴᠢᠰᠤᠨ ᠳᠣᠲᠣᠷᠠᠬᠢ ᠰᠢᠭᠡᠰᠦᠨ ᠬᠦᠴᠢᠯ ᠤᠨ ᠥᠳᠬᠡᠴᠡ ᠪᠠᠰᠠ ᠳᠡᠭᠡᠭᠰᠢᠯᠡᠭᠡᠳ᠂ ᠲᠤᠯᠠᠢ ᠡᠪᠡᠳᠴᠢᠨ ᠢ ᠡᠭᠦᠰᠭᠡᠨ᠎ᠡ᠃ | ᠳᠥᠷᠪᠡᠳᠦᠭᠡᠷ ᠲᠤ᠂ ᠬᠥᠳᠡᠯᠭᠡᠭᠡᠨ ᠢ ᠠᠩᠬᠠᠷ᠃ ᠠᠭᠤᠷ ᠠᠮᠢᠰᠬᠤᠯ ᠬᠦᠢᠲᠡᠷᠡᠭᠰᠡᠨ ᠤ ᠳᠠᠷᠠᠭ᠎ᠠ᠂ ᠡᠳᠦᠷ ᠪᠣᠭᠤᠨᠢᠰᠴᠤ᠂ | ᠬᠥᠮᠦᠰ ᠤᠨ ᠬᠥᠳᠡᠯᠭᠡᠭᠡᠨ ᠤ ᠴᠠᠭ ᠨᠢ ᠴᠦ ᠬᠠᠷᠢᠴᠠᠩᠭᠤᠶ ᠪᠠᠷ ᠪᠠᠭᠠᠰᠤᠨ᠎ᠠ᠃ ᠬᠡᠷᠪᠡ ᠤᠳᠠᠭᠠᠨ ᠰᠠᠭᠤᠭᠠᠳ | ᠬᠥᠳᠡᠯᠭᠡᠭᠡᠨ ᠬᠢᠬᠦ ᠦᠭᠡᠢ ᠪᠣᠯ᠂ ᠪᠡᠶ᠎ᠡ ᠶᠢᠨ ᠰᠢᠭᠡᠰᠦᠨ ᠬᠦᠴᠢᠯ ᠢ ᠰᠣᠯᠢᠯᠴᠠᠬᠤ ᠴᠢᠳᠠᠪᠤᠷᠢ ᠳᠣᠷᠣᠭᠰᠢᠯᠠᠵᠤ᠂ ᠲᠤᠯᠠᠢ | ᠡᠪᠡᠳᠴᠢᠨ ᠢ ᠡᠭᠦᠰᠭᠡᠨ᠎ᠡ᠃ |