︽ᠴᠠᠬᠢᠯᠭᠠᠨ ᠬᠥᠳᠡᠯᠭᠡᠭᠦᠷᠲᠦ ᠮᠠᠰᠢᠨ ᠲᠡᠷᠭᠡᠨ ᠤ ᠴᠠᠬᠢᠯᠭᠠᠨ ᠴᠡᠨᠡᠭᠯᠡᠬᠦ ᠰᠠᠭᠤᠷᠢ ᠲᠦᠭᠦᠭᠡᠷᠦᠮᠵᠢ ᠶᠢᠨ | ᠪᠦᠲᠦᠭᠡᠨ ᠪᠠᠶᠢᠭᠤᠯᠤᠯᠲᠠ ᠶᠢ ᠲᠦᠷᠭᠡᠳᠬᠡᠬᠦ ᠲᠤᠬᠠᠢ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠠᠯᠪᠠᠨ | ᠲᠢᠩᠬᠢᠮ ᠤᠨ ᠵᠢᠯᠤᠭᠤᠳᠬᠤ ᠰᠠᠨᠠᠯ︾ ︵ᠲᠥᠷᠥ ᠠᠯᠪᠠᠨ ᠲᠠᠷᠬᠠᠭᠠᠭᠰᠠᠨ ﹇2015﹈ 73 ᠳ᠋ᠤᠭᠠᠷ ᠲᠣᠭᠠᠲᠤ︶᠂ | ︽ᠥᠪᠡᠷᠲᠡᠭᠡᠨ ᠵᠠᠰᠠᠬᠤ ᠣᠷᠣᠨ ᠤ 2022 ᠣᠨ ᠤ ᠲᠣᠭᠲᠠᠭᠤᠨ ᠤ ᠳᠤᠮᠳᠠ ᠤᠷᠤᠭᠰᠢᠯᠠᠬᠤ ᠶᠢ ᠪᠠᠷᠢᠮᠲᠠᠯᠠᠨ ᠠᠵᠤ | ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠲᠥᠷᠥ ᠶᠢᠨ ᠪᠣᠳᠣᠯᠭ᠎ᠠ ᠶᠢᠨ ᠨᠠᠷᠢᠨ ᠲᠠᠩᠰᠠ ᠶᠢ | ᠳᠠᠷᠤᠮᠠᠯᠯᠠᠨ ᠲᠠᠷᠬᠠᠭᠠᠬᠤ ᠲᠤᠬᠠᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠤ ᠮᠡᠳᠡᠭᠳᠡᠯ︾ ︵ᠥᠪᠥᠷ ᠵᠠᠰᠠᠭ ᠲᠠᠷᠬᠠᠭᠠᠭᠰᠠᠨ ﹇2022﹈ 7 ᠳ᠋ᠤᠭᠠᠷ ᠲᠣᠭᠠᠲᠤ︶ ᠢ ᠳᠠᠷᠤᠮᠠᠯᠯᠠᠨ | ᠲᠠᠷᠬᠠᠭᠠᠬᠤ ᠲᠤᠬᠠᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ | ᠱᠠᠭᠠᠷᠳᠠᠯᠭ᠎ᠠ ᠶᠢ ᠭᠦᠨᠵᠡᠭᠡᠢ ᠨᠠᠶᠢᠳᠠᠪᠦᠷᠢᠵᠢᠭᠤᠯᠵᠦ᠂ ᠮᠠᠨ ᠤ ᠣᠷᠣᠨ ᠤ ᠴᠠᠬᠢᠯᠭᠠᠨ ᠬᠥᠳᠡᠯᠭᠡᠭᠦᠷᠲᠦ ᠮᠠᠰᠢᠨ | ᠲᠡᠷᠭᠡᠨ ᠤ ᠴᠠᠬᠢᠯᠭᠠᠨ ᠴᠡᠨᠡᠭᠯᠡᠬᠦ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠨ | ᠠᠬᠢᠭᠤᠯᠬᠤ ᠶᠢᠨ ᠲᠦᠯᠦᠭᠡ᠂ ᠮᠠᠨ ᠤ ᠲᠢᠩᠬᠢᠮ ᠠᠴᠠ ︽ᠴᠠᠬᠢᠯᠭᠠᠨ ᠬᠥᠳᠡᠯᠭᠡᠭᠦᠷᠲᠦ ᠮᠠᠰᠢᠨ ᠲᠡᠷᠭᠡᠨ ᠤ ᠴᠠᠬᠢᠯᠭᠠᠨ | ᠴᠡᠨᠡᠭᠯᠡᠬᠦ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢᠨ ᠠᠵᠢᠯ ᠢ ᠲᠦᠷᠭᠡᠳᠬᠡᠨ ᠠᠬᠢᠭᠤᠯᠬᠤ | ᠲᠤᠬᠠᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠡᠷᠡᠭᠵᠢᠭᠦᠯᠬᠦ ᠲᠥᠰᠥᠯ ︵ᠰᠠᠨᠠᠯ ᠬᠤᠷᠢᠶᠠᠬᠤ | ᠨᠣᠣᠷᠠᠭ︶︾ ᠢ ᠵᠣᠬᠢᠶᠠᠨ ᠪᠠᠶᠢᠭᠤᠯᠤᠨ ᠲᠤᠭᠤᠷᠪᠢᠵᠤ᠂ ᠡᠳᠦᠭᠡ ᠨᠡᠶᠢᠭᠡᠮ ᠨᠡᠶᠢᠲᠡ ᠠᠴᠠ ᠢᠯᠡ ᠪᠠᠷ ᠰᠠᠨᠠᠯ | ᠬᠤᠷᠢᠶᠠᠬᠤ ᠪᠤᠯᠤᠯ᠎ᠠ᠃ ᠮᠠᠨ ᠤ ᠣᠷᠣᠨ ᠤ ᠭᠡᠷ ᠪᠠᠶᠢᠰᠢᠩ ᠬᠤᠲᠠ ᠶᠢᠨ ᠶᠠᠪᠤᠳᠠᠯ ᠤᠨ ᠢᠨᠵᠧᠨᠧᠷᠢᠩ ᠤᠨ ᠪᠦᠲᠦᠭᠡᠨ | ᠪᠠᠶᠢᠭᠤᠯᠤᠯᠲᠠ ᠨᠢᠭᠡᠨᠲᠡ ᠠᠵᠢᠯ ᠢᠶᠠᠨ ᠰᠡᠷᠭᠦᠭᠡᠬᠦ ᠬᠥᠭᠵᠢᠯᠲᠡᠢ ᠤᠯᠠᠷᠢᠯ ᠳᠤ ᠣᠷᠣᠭᠰᠠᠨ ᠪᠣᠯᠬᠤᠷ᠂ ᠴᠠᠬᠢᠯᠭᠠᠨ | ᠴᠡᠨᠡᠭᠯᠡᠬᠦ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢᠨ ᠠᠵᠢᠯ ᠢ ᠲᠦᠷᠭᠡᠳᠬᠡᠨ ᠠᠬᠢᠭᠤᠯᠬᠤ ᠶᠢᠨ | ᠲᠤᠰᠠᠳᠠ᠂ ᠭᠡᠷ ᠪᠠᠶᠢᠰᠢᠩ ᠬᠤᠲᠠ ᠶᠢᠨ ᠶᠠᠪᠤᠳᠠᠯ ᠤᠨ ᠢᠨᠵᠧᠨᠧᠷᠢᠩ ᠤᠨ ᠱᠠᠭᠠᠷᠳᠠᠯᠭ᠎ᠠ ᠶᠣᠰᠣᠭᠠᠷ ᠴᠠᠬᠢᠯᠭᠠᠨ | ᠴᠡᠨᠡᠭᠯᠡᠬᠦ ᠰᠠᠭᠤᠷᠢ ᠲᠦᠭᠦᠭᠡᠷᠦᠮᠵᠢ ᠶᠢ ᠢᠵᠢ ᠪᠦᠷᠢᠳᠦᠭᠦᠯᠦᠨ ᠪᠦᠲᠦᠭᠡᠨ ᠪᠠᠶᠢᠭᠤᠯᠬᠤ ᠶᠢ ᠲᠦᠯᠬᠢᠨ ᠠᠬᠢᠭᠤᠯᠤᠨ᠎ᠠ᠃ | | ᠲᠣᠰ ᠤᠳᠠᠭᠠᠨ ᠤ ᠢᠯᠡ ᠪᠠᠷ ᠰᠠᠨᠠᠯ ᠬᠤᠷᠢᠶᠠᠬᠤ ᠬᠤᠭᠤᠴᠠᠭ᠎ᠠ ᠨᠢ 2022 ᠣᠨ ᠤ 4 ᠳ᠋ᠤᠭᠡᠷ | ᠰᠠᠷ᠎ᠠ ᠶᠢᠨ 21 ᠤ ᠡᠳᠦᠷ ᠠᠴᠠ 4 ᠳ᠋ᠤᠭᠡᠷ ᠰᠠᠷ᠎ᠠ ᠶᠢᠨ 30 ᠤ ᠡᠳᠦᠷ ᠪᠣᠯᠲᠠᠯ᠎ᠠ᠃ | ᠬᠤᠯᠪᠣᠭᠳᠠᠯ ᠪᠦᠬᠦᠢ ᠨᠢᠭᠡᠴᠢ ᠪᠣᠯᠣᠨ ᠨᠡᠶᠢᠭᠡᠮ ᠨᠡᠶᠢᠳᠡ ᠪᠠᠷ ᠢᠶᠠᠨ ᠳᠣᠣᠷᠠᠬᠢ ᠠᠷᠭ᠎ᠠ ᠵᠠᠮ ᠢᠶᠠᠷ | ᠳᠠᠮᠵᠢᠭᠤᠯᠤᠨ ᠰᠠᠨᠠᠯ ᠢᠶᠠᠨ ᠳᠤᠷᠠᠳᠴᠤ ᠪᠣᠯᠣᠨ᠎ᠠ᠃ | ᠢᠮᠧᠯ᠄ nmgzjtzac@163.com ᠬᠠᠷᠢᠯᠴᠠᠬᠤ ᠤᠲᠠᠰᠤ᠄ 0471 — 6945973᠂ | 6610118 ︵ᠹᠠᠺᠰ︶ | ᠳᠠᠭᠠᠯᠳᠤᠭᠤᠯᠤᠯ᠄ ︽ᠴᠠᠬᠢᠯᠭᠠᠨ ᠬᠥᠳᠡᠯᠭᠡᠭᠦᠷᠲᠦ ᠮᠠᠰᠢᠨ ᠲᠡᠷᠭᠡᠨ ᠤ ᠴᠠᠬᠢᠯᠭᠠᠨ ᠴᠡᠨᠡᠭᠯᠡᠬᠦ ᠰᠠᠭᠤᠷᠢ | ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢᠨ ᠠᠵᠢᠯ ᠢ ᠲᠦᠷᠭᠡᠳᠬᠡᠨ ᠠᠬᠢᠭᠤᠯᠬᠤ ᠲᠤᠬᠠᠢ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠡᠷᠡᠭᠵᠢᠭᠦᠯᠬᠦ ᠲᠥᠰᠥᠯ ︵ᠰᠠᠨᠠᠯ ᠬᠤᠷᠢᠶᠠᠬᠤ ᠨᠣᠣᠷᠠᠭ︶︾ |