ᠤᠷᠲᠤ ᠬᠤᠭᠤᠴᠠᠭᠠᠨ ᠤ ᠵᠣᠬᠢᠴᠠᠬᠤ ᠴᠢᠨᠠᠷᠲᠠᠢ ᠬᠤᠪᠢᠰᠤᠯᠲᠠ ᠠᠴᠠ ᠪᠣᠯᠵᠣ᠂ ᠤᠨᠴᠠ ᠨᠢᠭᠡᠨ ᠭᠠᠵᠠᠷ ᠲᠤ | ᠬᠦᠨᠦᠭᠡᠯᠲᠦ ᠰᠢᠪᠡᠵᠢ ᠶᠢᠨ ᠡᠭᠦᠰᠬᠦ ᠬᠤᠭᠤᠴᠠᠭ᠎ᠠ ᠬᠢᠭᠡᠳ ᠲᠡᠭᠦᠨ ᠤ ᠮᠦᠯᠵᠢᠭᠳᠡᠭᠴᠢ ᠤᠷᠭᠤᠮᠠᠯ ᠤᠨ | ᠤᠷᠭᠤᠯᠲᠠ ᠶᠢᠨ ᠬᠤᠭᠤᠴᠠᠭ᠎ᠠ ᠨᠢ ᠬᠠᠷᠢᠯᠴᠠᠨ ᠲᠠᠭᠠᠷᠠᠬᠤ ᠪᠠᠶᠢᠳᠠᠯ ᠭᠠᠷᠳᠠᠭ᠃ ᠡᠶᠢᠮᠦ ᠠᠴᠠ ᠳᠠᠬᠢᠨ ᠲᠠᠷᠢᠬᠤ | ᠢᠯᠡᠳᠭᠡᠭᠴᠢ ᠵᠢᠴᠢ ᠪᠤᠰᠤᠳ ᠤᠨᠠᠯᠲᠠ ᠨᠡᠮᠡᠭᠳᠡᠬᠦ ᠱᠠᠭᠠᠷᠳᠠᠯᠭ᠎ᠠ ᠶᠢ ᠨᠦᠯᠦᠭᠡᠯᠡᠬᠦ ᠦᠭᠡᠢ ᠪᠠᠶᠢᠳᠠᠯ ᠳᠤᠤᠷ᠎ᠠ᠂ | ᠲᠠᠷᠢᠬᠤ ᠬᠤᠭᠤᠴᠠᠭ᠎ᠠ ᠶᠢ ᠵᠣᠬᠢᠰᠲᠠᠢ ᠤᠷᠢᠳᠴᠢᠯᠠᠭᠤᠯᠬᠤ ᠪᠣᠶᠣ ᠬᠤᠶᠢᠰᠢᠯᠠᠭᠤᠯᠤᠨ ᠬᠦᠨᠦᠭᠡᠯᠲᠦ ᠰᠢᠪᠡᠵᠢ ᠶᠢᠨ | ᠡᠭᠦᠰᠬᠦ ᠬᠤᠭᠤᠴᠠᠭ᠎ᠠ ᠪᠤᠯᠤᠨ ᠲᠠᠷᠢᠮᠠᠯ ᠤᠨ ᠠᠮᠠᠷᠬᠠᠨ ᠬᠦᠨᠦᠭᠡᠭᠳᠡᠬᠦ ᠬᠤᠭᠤᠴᠠᠭ᠎ᠠ ᠶᠢ ᠵᠦᠷᠢᠭᠦᠯᠪᠡᠯ ᠬᠦᠨᠦᠭᠡᠯᠲᠦ | ᠰᠢᠪᠡᠵᠢ ᠶᠢᠨ ᠬᠦᠨᠦᠭᠡᠯ ᠠᠴᠠ ᠵᠠᠶᠢᠯᠠᠰᠬᠢᠬᠦ ᠪᠣᠶᠣ ᠪᠠᠭᠠᠰᠬᠠᠵᠤ ᠴᠢᠳᠠᠨ᠎ᠠ᠃ ᠡᠨᠡ ᠬᠦ ᠠᠷᠭ᠎ᠠ ᠨᠢ ᠲᠡᠳᠡᠭᠡᠷ ᠲᠠᠷᠢᠬᠤ | ᠬᠤᠭᠤᠴᠠᠭᠠᠨ ᠤ ᠬᠡᠪᠴᠢᠶ᠎ᠠ ᠨᠢ ᠶᠡᠭᠡ᠂ ᠠᠮᠠᠷᠬᠠᠨ ᠬᠦᠨᠦᠭᠡᠭᠳᠡᠬᠦ ᠬᠤᠭᠤᠴᠠᠭ᠎ᠠ ᠨᠢ ᠣᠬᠤᠷ ᠲᠠᠷᠢᠮᠠᠯ ᠪᠣᠯᠣᠨ ᠢᠳᠡᠬᠦ | ᠵᠠᠩᠰᠢᠯ ᠨᠢ ᠬᠤᠪᠢᠷᠠᠳᠠᠭ ᠦᠭᠡᠢ᠃ ᠡᠭᠦᠰᠬᠦ ᠬᠤᠭᠤᠴᠠᠭ᠎ᠠ ᠨᠢ ᠠᠳᠠᠯᠢ ᠵᠢᠴᠢ ᠬᠦᠨᠦᠭᠡᠬᠦ ᠬᠤᠭᠤᠴᠠᠭ᠎ᠠ ᠨᠢ ᠨᠡᠯᠢᠶᠡᠳ | ᠲᠦᠪᠯᠡᠷᠡᠩᠭᠦᠢ ᠬᠦᠨᠦᠭᠡᠯᠲᠦ ᠰᠢᠪᠡᠵᠢ ᠳᠤ ᠢᠯᠡᠷᠬᠡᠢ ᠦᠢᠯᠡᠳᠦᠯ ᠲᠠᠢ᠃ ᠬᠠᠪᠤᠷ ᠤᠨ ᠪᠤᠭᠤᠳᠠᠢ ᠶᠢ ᠵᠣᠬᠢᠰᠲᠠᠢ ᠪᠠᠷ | ᠭᠦᠢᠬᠡᠨ ᠲᠠᠷᠢᠪᠠᠯ ᠤᠷᠢᠳᠴᠢᠯᠠᠨ ᠴᠢᠬᠢᠯᠡᠬᠦ᠂ ᠡᠮᠦᠨᠡᠬᠢ ᠬᠤᠭᠤᠴᠠᠭᠠᠨ ᠤ ᠦᠰᠦᠯᠲᠡ ᠨᠢ ᠲᠦᠷᠭᠡᠳᠴᠦ᠂ | ᠪᠤᠭᠤᠳᠠᠢ ᠶᠢᠨ ᠰᠦᠷᠡᠯ ᠤᠨ ᠢᠯᠠᠭ᠎ᠠ ᠪᠣᠯᠣᠨ ᠡᠯ᠎ᠡ ᠵᠦᠢᠯ ᠤᠨ ᠭᠠᠵᠠᠷ ᠳᠤᠤᠷᠠᠬᠢ ᠬᠦᠨᠦᠭᠡᠯᠲᠦ ᠰᠢᠪᠡᠵᠢ ᠶᠢᠨ | ᠬᠦᠨᠦᠭᠡᠯ ᠢ ᠵᠣᠬᠢᠬᠤ ᠬᠡᠮᠵᠢᠶ᠎ᠡ ᠪᠠᠷ ᠬᠦᠩᠭᠡᠷᠡᠭᠦᠯᠦᠨ᠎ᠡ᠃ ︵ᠢᠷᠡᠯᠲᠡ᠄ ᠰᠢ ᠶᠢᠩ ᠤᠨ ᠨᠠᠶᠢᠷᠠᠭᠤᠯᠤᠭᠰᠠᠨ ︽ | ᠤᠷᠭᠤᠮᠠᠯ ᠤᠨ ᠡᠪᠡᠳᠴᠢᠨ ᠬᠤᠷᠤᠬᠠᠢ ᠡᠪᠡᠰᠦᠨ ᠤ ᠬᠦᠨᠦᠭᠡᠯ ᠢ ᠬᠢᠵᠠᠭᠠᠷᠯᠠᠬᠤ ᠠᠰᠠᠭᠤᠯᠲᠠ ᠬᠠᠷᠢᠭᠤᠯᠲᠠ︾ ᠭᠡᠬᠦ | ᠨᠤᠮ ᠠᠴᠠ ᠰᠤᠩᠭᠤᠨ ᠰᠡᠶᠢᠷᠡᠭᠦᠯᠪᠡ᠃︶ | |