ᠰᠦᠯᠵᠢᠶᠡᠨ ᠤ ᠨᠠᠶᠢᠵᠠ ᠳᠤ ᠴᠢᠨᠢ ᠡᠶᠢᠮᠦ ᠬᠥᠮᠦᠨ ᠪᠠᠶᠢᠨ᠎ᠠ ᠦᠦ︖ ᠡᠶᠡᠯᠳᠡᠭ ᠵᠦᠬᠡᠯᠡᠨ ᠴᠤᠭ | ᠵᠢᠪᠬᠤᠭ᠎ᠠ ᠲᠠᠢ᠂ ᠠᠵᠢᠯ ᠦᠢᠯᠡᠰ ᠲᠡᠭᠡᠨ ᠬᠢᠯᠠᠷᠠᠭᠤᠯᠤᠭᠰᠠᠨ ᠪᠠᠰᠠ ᠪᠡᠯᠡ ᠣᠷᠣᠭᠤᠯᠵᠤ ᠮᠦᠩᠬᠦ ᠤᠯᠬᠤ | ᠴᠢᠳᠠᠯ ᠲᠠᠢ᠂ ᠦᠷᠭᠦᠯᠵᠢ ᠰᠦᠯᠵᠢᠶᠡᠨ ᠳᠡᠭᠡᠷ᠎ᠡ ᠴᠢᠮ᠎ᠠ ᠲᠠᠢ ᠰᠠᠨᠠᠯ ᠢᠶᠠᠨ ᠰᠣᠯᠢᠯᠴᠠᠵᠤ᠂ ᠠᠰᠠᠭᠤᠵᠦ ᠬᠠᠯᠠᠮᠵᠢᠯᠠᠨ᠂ | ᠪᠠᠰᠠ ᠴᠢᠮ᠎ᠠ ᠶᠢ ᠬᠦᠨᠳᠦᠯᠡᠵᠦ ︽ᠪᠡᠯᠡ ᠣᠷᠣᠭᠤᠯᠵᠤ︾ ᠶᠡᠭᠡ ᠵᠣᠭᠤᠰ ᠣᠯᠬᠤ ᠰᠠᠨᠠᠯ ᠳᠠᠯᠪᠢᠳᠠᠭ ᠁ ᠬᠠᠷᠢᠨ | ᠦᠨᠡᠨᠳᠡᠭᠡᠨ ᠲᠠ ᠪᠣᠳᠠᠲᠤ ᠠᠮᠢᠳᠤᠷᠠᠯ ᠳᠤᠮᠳᠠ ᠡᠨᠡ ᠬᠦᠮᠦᠨ ᠢ ᠣᠯᠵᠦ ᠬᠠᠷᠠᠭ᠎ᠠ ᠦᠭᠡᠢ ᠪᠠᠶᠢᠳᠠᠭ᠃ ᠲᠡᠷᠡ ᠪᠠᠰᠠ | ᠡᠯᠳᠡᠪ ᠰᠢᠯᠲᠠᠭ ᠢᠶᠠᠷ ᠸᠢᠳᠢᠣ᠋ ᠪᠠᠷ ᠨᠢᠭᠤᠷ ᠨᠢᠭᠤᠷ ᠢᠶᠠᠨ ᠬᠠᠷᠠᠵᠦ ᠵᠤᠭᠤᠬᠳᠠᠬᠤ ᠠᠴᠠ ᠳᠠᠳᠠᠭᠠᠯᠵᠠᠳᠠᠭ᠃ ᠡᠶᠢᠮᠦ | ᠬᠦᠮᠦᠨ ᠲᠠᠭᠠᠷᠠᠪᠠᠯ ᠤᠬᠳᠣᠬᠠᠨ ᠴᠦ ᠡᠷᠡᠭᠡᠯᠵᠡᠬᠦ ᠬᠡᠷᠡᠭ ᠦᠬᠡᠢ᠂ ᠰᠢᠭᠤᠳ ᠯᠠ ᠬᠠᠰᠣᠭᠠᠳ ᠬᠠᠶᠠ᠃ ᠤᠴᠢᠷ ᠨᠢ | ᠡᠨᠡ ᠪᠤᠯ ᠤᠷᠠᠬᠠᠨ ᠤ ᠣᠭᠤᠳᠠ ᠰᠢᠦ᠃ 11 ᠳ᠋ᠣᠭᠡᠷ ᠰᠠᠷ᠎ᠠ ᠠᠴᠠ ᠨᠠᠰᠢ᠂ ᠵᠧᠵᠢᠶᠠᠩ ᠮᠤᠵᠢ ᠶᠢᠨ ᠬᠠᠩᠵᠧᠦ | ᠬᠤᠲᠠ ᠶᠢᠨ ᠯᠢᠨᠫᠢᠩ ᠲᠣᠭᠤᠷᠢᠭ ᠲᠤ ᠰᠦᠯᠵᠢᠶ᠎ᠡ ᠪᠠᠷ ᠳᠠᠨᠢᠯᠴᠠᠨ ᠮᠡᠬᠡᠯᠡᠭᠰᠡᠨ ᠬᠡᠷᠡᠭ ᠣᠯᠠᠨ ᠭᠠᠷᠤᠭᠰᠠᠨ ᠪᠥᠭᠡᠳ | ᠬᠡᠷᠡᠭ ᠲᠤ ᠬᠤᠯᠪᠣᠭᠳᠠᠭᠰᠠᠨ ᠮᠦᠩᠬᠦᠨ ᠤ ᠲᠤᠭ᠎ᠠ ᠨᠢ ᠨᠡᠯᠢᠶᠡᠳ ᠶᠡᠭᠡ ᠪᠠᠶᠢᠵᠤ᠂ ᠬᠤᠬᠢᠷᠠᠯ ᠠᠮᠰᠠᠭᠴᠢ ᠭᠤᠤᠯ ᠨᠢ | 30 ~ 50 ᠨᠠᠰᠤᠨ ᠤ ᠡᠮᠡᠭᠲᠡᠶᠢᠴᠦᠳ ᠶᠤᠮ ᠪᠠᠶᠢᠨ᠎ᠠ᠃ ᠮᠡᠬᠡᠯᠡᠭᠴᠢᠳ ᠡᠬᠢᠯᠡᠬᠡᠳ ᠰᠦᠯᠵᠢᠶ᠎ᠡ ᠪᠠᠷ ᠨᠠᠶᠢᠵᠠᠯᠠᠬᠤ | ᠵᠥᠭᠡᠯᠡᠨ ᠲᠣᠨᠤᠭ ᠢᠶᠠᠷ ᠬᠤᠬᠢᠷᠠᠯ ᠠᠮᠰᠠᠭᠴᠢ ᠲᠠᠢ ᠲᠠᠨᠢᠯᠴᠠᠵᠤ᠂ ᠪᠠᠶᠢᠨ ᠳᠠᠬᠢᠨ ᠬᠠᠷᠢᠯᠴᠠᠵᠦ ᠪᠠᠶᠢᠭᠠᠳ ᠬᠤᠬᠢᠷᠠᠯ | ᠠᠮᠰᠠᠭᠴᠢ ᠶᠢ ᠰᠡᠷᠡᠮᠵᠢ ᠠᠯᠳᠠᠭᠤᠯᠤᠭᠰᠠᠨ ᠤ ᠳᠠᠷᠠᠭ᠎ᠠ᠂ ᠪᠡᠯᠡ ᠣᠷᠣᠭᠤᠯᠵᠦ ᠠᠰᠢᠭ ᠤᠯᠬᠤ ᠳᠣᠬᠠᠢ ᠶᠠᠷᠢᠶ᠎ᠠ | ᠡᠬᠦᠰᠬᠡᠨ ᠦᠳᠦᠵᠦ ᠳᠡᠩᠰᠡᠯᠵᠦ ᠡᠬᠢᠯᠡᠳᠡᠭ᠃ 1. ᠬᠠᠯᠠᠮᠵᠢ ᠬᠠᠶᠢᠷ᠎ᠠ ᠪᠠᠷ ᠢᠲᠡᠭᠡᠯ ᠢ ᠣᠯᠤᠨ᠎ᠠ ᠮᠡᠬᠡᠯᠡᠭᠴᠢᠳ ᠡᠯ᠎ᠡ | ᠵᠦᠢᠯ ᠤᠨ ᠨᠡᠶᠢᠭᠡᠮ ᠤᠨ ᠬᠠᠷᠢᠯᠴᠠᠭᠠᠨ ᠤ ᠲᠠᠪᠴᠠᠩ ᠢᠶᠠᠷ ᠬᠤᠤᠷ ᠠᠮᠰᠠᠭᠴᠢ ᠲᠠᠢ ᠳᠠᠨᠢᠯᠴᠠᠨ᠂ ᠪᠠᠶᠢᠨ ᠳᠠᠬᠢᠨ | ᠵᠣᠭᠤᠭᠳᠠᠬᠤ᠂ ᠬᠠᠯᠠᠮᠵᠢᠯᠠᠨ ᠬᠠᠷᠠᠭᠠᠯᠵᠠᠵᠦ ᠪᠠᠶᠢᠭᠠᠳ ᠢᠲᠡᠭᠡᠯ ᠪᠠᠶᠢᠭᠤᠯᠵᠤ᠂ ᠴᠢᠨᠠᠭᠰᠢᠯᠠᠪᠠᠯ ᠬᠠᠶᠢᠷ᠎ᠠ ᠳᠤᠷᠠᠯᠠᠯ | ᠴᠦ ᠶᠠᠷᠢᠵᠦ ᠮᠠᠭᠠᠳ ᠦᠬᠡᠢ᠃ 2. ᠦᠳᠦᠬᠡᠵᠦ ᠪᠠᠶᠢᠭᠠᠳ ᠪᠡᠯᠡ ᠣᠷᠣᠭᠤᠯᠤᠯᠲᠠ ᠬᠢᠯᠬᠡᠵᠦ᠂ ᠪᠠᠭ᠎ᠠ ᠬᠡᠮᠵᠢᠶᠡᠨ ᠤ | ᠠᠰᠢᠭ ᠣᠯᠭᠤᠬᠤ ᠬᠠᠷᠢᠴᠠᠭ᠎ᠠ ᠲᠣᠭᠲᠠᠭᠤᠨ ᠪᠣᠯᠤᠭᠰᠠᠨ ᠤ ᠳᠠᠷᠠᠭ᠎ᠠ᠂ ᠮᠡᠬᠡᠯᠡᠭᠴᠢᠳ ᠠᠴᠠ ᠥᠪᠡᠷ ᠢ ᠪᠠᠨ ᠪᠡᠯᠡ | ᠣᠷᠣᠭᠤᠯᠵᠤ ᠡᠳ᠋ ᠤᠨ ᠶᠠᠪᠤᠳᠠᠯ ᠢ ᠬᠠᠮᠢᠶᠠᠷᠬᠤ ᠪᠤᠶᠤ ᠶᠠᠮᠠᠷ ᠨᠢᠭᠡᠨ ᠪᠡᠯᠡ ᠣᠷᠣᠭᠤᠯᠤᠯᠲᠠ ᠶᠢ ᠰᠠᠶᠢᠨ ᠮᠡᠳᠡᠳᠡᠭ | ᠬᠡᠵᠦ᠂ ᠬᠦᠮᠦᠰ ᠢ ᠥᠳᠥᠭᠡᠨ ᠳᠠᠳᠠᠳᠠᠭ᠃ ᠳᠡᠭᠡᠭᠡᠳ ᠪᠠᠭ᠎ᠠ ᠰᠠᠭ᠎ᠠ ᠠᠰᠢᠭ ᠣᠯᠭᠤᠵᠦ ᠪᠠᠶᠢᠭᠠᠳ ᠠᠮᠳᠠᠨ ᠳᠤ ᠨᠢ | ᠣᠷᠣᠭᠤᠯᠵᠦ ᠶᠡᠭᠡ ᠠᠰᠢᠭ ᠤᠨᠠᠭᠠᠬᠤ ᠳᠦᠯᠦᠪᠯᠡᠭᠡ ᠪᠠᠨ ᠡᠬᠢᠯᠡᠳᠡᠭ ᠪᠠᠶᠢᠨ᠎ᠠ᠃ 3. ᠶᠡᠭᠡ ᠬᠡᠮᠵᠢᠶᠡᠨ ᠤ ᠪᠡᠯᠡ | ᠣᠷᠣᠭᠤᠯᠵᠤ᠂ ᠵᠣᠭᠤᠰ ᠮᠥᠩᠭᠦ ᠮᠡᠬᠡᠯᠡᠨ ᠠᠪᠬᠤ ᠠᠮᠳᠠᠨ ᠳᠤ ᠨᠢ ᠣᠷᠣᠬᠰᠠᠨ ᠬᠦᠮᠦᠰ ᠢ ᠦᠷᠭᠦᠯᠵᠢᠯᠡᠨ | ᠥᠳᠥᠭᠡᠵᠦ ᠪᠠᠶᠢᠭᠠᠳ ᠪᠡᠯᠡ ᠣᠷᠣᠭᠤᠯᠤᠯᠲᠠ ᠶᠢ ᠨᠢ ᠨᠡᠮᠡᠭᠳᠡᠭᠦᠯᠬᠦ ᠪᠣᠯᠤᠨ᠎ᠠ᠃ ᠶᠡᠭᠡ ᠬᠡᠮᠵᠢᠶᠡᠨ ᠤ ᠪᠡᠯᠡ | ᠣᠷᠣᠭᠤᠯᠤᠭᠰᠠᠨ ᠤ ᠳᠠᠷᠠᠭ᠎ᠠ ᠬᠠᠷᠢᠨ ᠪᠡᠯᠡᠨ ᠵᠣᠭᠤᠰ ᠭᠠᠷᠭᠠᠨ ᠠᠪᠬᠤ ᠶᠢᠨ ᠠᠷᠭ᠎ᠠ ᠦᠭᠡᠢ᠂ ᠡᠨᠡ ᠦᠶ᠎ᠡ ᠳᠤ | ᠬᠤᠬᠢᠷᠠᠯ ᠠᠮᠰᠠᠭᠴᠢ ᠰᠠᠶ᠋ᠢ ᠮᠡᠬᠡᠯᠡᠭᠳᠡᠭᠰᠡᠨ ᠢᠶᠠᠨ ᠮᠡᠳᠡᠳᠡᠭ᠃ ᠰᠦᠯᠵᠢᠶᠡᠨ ᠳᠡᠭᠡᠷ᠎ᠡ ᠨᠠᠶᠢᠵᠠᠯᠠᠬᠤ ᠳᠠᠭᠠᠨ ᠡᠷᠬᠡᠪᠰᠢ | ᠨᠥᠭᠦᠭᠡ ᠡᠲᠡᠭᠡᠳ ᠤᠨ ᠢᠶᠠᠨ ᠪᠡᠶ᠎ᠡ ᠶᠢᠨ ᠭᠠᠷᠤᠯ ᠢ ᠨᠠᠷᠢᠨ ᠬᠢᠨᠠᠮᠠᠭᠠᠶ ᠬᠢᠨᠠᠨ ᠬᠠᠷᠭᠤᠭᠤᠯᠬᠤ ᠬᠡᠷᠡᠭᠲᠡᠶ᠂ ᠰᠦᠯᠵᠢᠶᠡᠨ | ᠳᠡᠭᠡᠷ᠎ᠡ ᠪᠠᠯᠠ ᠣᠷᠣᠭᠤᠯᠬᠤ ᠳᠠᠭᠠᠨ ᠠᠯᠪᠠᠨ ᠶᠤᠰᠤᠨ ᠤ ᠮᠥᠩᠭᠦᠨ ᠬᠦᠢᠯᠬᠡᠬᠡᠨ ᠤ ᠪᠠᠶᠢᠭᠤᠯᠤᠮᠵᠢ ᠳᠤ ᠬᠠᠨᠳᠣᠵᠦ᠂ | ᠪᠣᠯᠭᠤᠮᠵᠢᠲᠠᠶ ᠪᠠᠶᠢᠬᠤ ᠬᠡᠷᠡᠭᠲᠡᠶ᠃ ᠬᠡᠷᠪᠡ ᠮᠡᠬᠡᠯᠡᠭᠳᠡᠭᠰᠡᠨ ᠪᠤᠯ ᠴᠠᠭᠳᠠᠭ᠎ᠠ ᠳᠤ ᠮᠡᠳᠡᠭᠦᠯᠬᠦ ᠪᠤᠶᠤ ᠪᠥᠬᠦ ᠤᠯᠤᠰ ᠤᠨ | ᠮᠡᠬᠡᠯᠡᠯ ᠢ ᠡᠰᠡᠷᠭᠦᠴᠡᠬᠦ ᠲᠤᠰᠬᠠᠶ 96110 ᠶᠢ ᠵᠠᠯᠭᠠᠵᠦ ᠠᠰᠠᠭᠤᠨ ᠯᠠᠪᠯᠠᠨ᠎ᠠ᠃ |