︽ᠣᠷᠭᠤᠮᠠᠯ ᠤᠨ ᠳᠤᠰᠦ ᠪᠠᠷ ᠬᠤᠭᠤᠯᠠ ᠪᠠᠵᠠᠭᠠᠪᠠᠯ ᠦᠮᠡᠨ ᠤᠯᠤᠨ᠎ᠠ︾ ᠭᠡᠬᠦ ᠵᠡᠷᠭᠡ ︽ᠰᠢᠨᠵᠢᠯᠡᠬᠦ | ᠤᠬᠠᠭᠠᠨ ᠤ︾ 10 ᠴᠤᠤᠷᠬᠠᠯ ᠤᠤᠯ ᠵᠢᠬᠰᠠᠭᠠᠯᠲᠠ ᠳᠤ ᠵᠢᠬᠰᠠᠭᠠᠭᠲᠠᠵᠠᠢ᠃ ᠳᠡᠭᠡᠪᠡᠯ ᠣᠷᠭᠤᠮᠠᠯ ᠤᠨ ᠳᠤᠰᠦ ᠪᠠᠷ | ᠬᠤᠭᠤᠯᠠ ᠪᠠᠵᠠᠭᠠᠪᠠᠯ ᠦᠨᠡᠭᠡᠷ ᠦᠮᠡᠨ ᠡᠪᠡᠳᠴᠢᠨ ᠤᠯᠤᠨ᠎ᠠ ᠤᠤ︖ ᠳᠤᠰᠬᠠᠢ ᠮᠡᠷᠭᠡᠵᠢᠯᠲᠠᠨ ᠬᠡᠯᠡᠬᠦ ᠳᠡᠭᠡᠨ᠂ | ᠳᠤᠰᠤᠨ ᠢᠲᠡᠭᠡᠨ ᠤ ᠰᠠᠶᠢᠨ ᠮᠠᠭᠤ ᠶᠢ ᠦᠨᠡᠯᠡᠬᠦ ᠳᠤ ᠶᠡᠷᠦᠩᠬᠡᠢ ᠡᠯᠧᠮᠧᠨ᠋ᠲ ᠢ ᠪᠤᠲᠤᠯᠬᠢᠯᠠᠬᠤ ᠬᠡᠷᠡᠭᠲᠡᠢ᠂ ᠡᠬᠦᠨ ᠳᠤ | ᠠᠲᠠᠭ ᠪᠠᠭ᠎ᠠ ᠳᠠᠭᠠᠨ ᠭᠤᠷᠪᠠᠨ ᠲᠠᠯ᠎ᠠ ᠶᠢ ᠪᠤᠲᠤᠯᠬᠢᠯᠠᠬᠤ ᠬᠡᠷᠡᠭᠲᠡᠢ᠄ ᠨᠢᠭᠡ ᠳᠤ᠂ ᠳᠤᠰᠤᠨ ᠤ ᠦᠭᠡᠬᠦᠨ | ᠬᠦᠴᠢᠯ ᠤᠨ ᠪᠦᠷᠢᠯᠳᠦᠯ ᠪᠤᠯᠤᠨ ᠭᠯᠢᠼᠧᠷᠢᠨᠲᠤ ᠡᠰᠲ᠋ᠧᠷ ᠤᠨ ᠪᠦᠳᠦᠴᠠ ᠨᠢ ᠵᠤᠬᠢᠰᠳᠠᠢ ᠪᠠᠶᠢᠬᠤ ᠡᠰᠡᠬᠦ ᠶᠢ ᠦᠵᠡᠬᠦ | ᠬᠡᠷᠡᠭᠲᠡᠢ︔ ᠬᠤᠶᠠᠷ ᠲᠤ᠂ ᠬᠦᠮᠦᠨ ᠤ ᠪᠡᠶ᠎ᠡ ᠶᠢᠨ ᠡᠷᠡᠬᠦᠯ ᠮᠠᠨᠳᠦ ᠳᠤ ᠳᠤᠰᠠᠳᠠᠢ ᠪᠠᠶᠢᠭᠠᠯᠢ ᠶᠢᠨ ᠪᠢᠴᠢᠯ | ᠬᠡᠮᠵᠢᠶᠠᠨ ᠤ ᠰᠢᠮ᠎ᠡ ᠲᠡᠵᠢᠭᠡᠯ ᠤᠨ ᠠᠬᠤᠭᠤᠯᠤᠬᠲᠠᠴᠠ ᠶᠢ ᠦᠵᠡᠬᠦ ᠬᠡᠷᠡᠭᠲᠡᠢ︔ ᠭᠤᠷᠪᠠ ᠳᠤ᠂ ᠬᠦᠮᠦᠨ ᠤ ᠪᠡᠶ᠎ᠡ ᠳᠤ | ᠬᠤᠤᠷᠲᠠᠢ ᠡᠳ᠋ ᠪᠠᠶᠢᠬᠤ ᠡᠰᠡᠬᠦ ᠶᠢ ᠦᠵᠡᠬᠦ ᠬᠡᠷᠡᠭᠲᠡᠢ᠃ ᠤᠤᠯ ᠮᠡᠲᠡᠭᠡᠯᠡᠯ ᠳᠤ ᠤᠷᠲᠤ ᠴᠠᠭ ᠢᠶᠠᠷ ᠬᠠᠭᠠᠷᠢᠵᠤ | ᠪᠤᠴᠠᠯᠭᠠᠭᠰᠠᠨ ᠢᠲᠡᠰᠢᠨ ᠳᠤᠰᠤᠨ ᠤ ᠳᠤᠳᠤᠷᠠᠬᠢ ᠠᠯᠳᠧᠭᠢᠳ᠋ ᠪᠤᠲᠠᠰ ᠤᠨ ᠳᠤᠭ᠎ᠠ ᠬᠡᠮᠵᠢᠶ᠎ᠠ ᠪᠠᠷ ᠳᠤᠰᠤᠨ ᠤ | ᠰᠠᠶᠢᠨ ᠮᠠᠭᠤ ᠶᠢ ᠦᠵᠡᠬᠦ ᠴᠤᠷ ᠤᠨ ᠭᠠᠭᠴᠠ ᠡᠯᠧᠮᠧᠨ᠋ᠲ ᠪᠤᠯᠭᠠᠭᠰᠠᠨ ᠨᠢ ᠨᠢᠮᠪᠠᠢ ᠪᠢᠰᠢ ᠪᠠᠶᠢᠨ᠎ᠠ᠃ ᠡᠬᠦᠨ ᠤ | ᠵᠡᠷᠭᠡ ᠳᠤ ᠢᠲᠡᠰᠢᠨ ᠳᠤᠰᠤᠨ ᠤ ᠰᠢᠮ᠎ᠡ ᠲᠡᠵᠢᠭᠡᠯ ᠲᠠᠢ ᠪᠠᠶᠢᠬᠤ ᠡᠰᠡᠬᠦ ᠨᠢ ᠬᠤᠭᠤᠯᠠ ᠵᠠᠭᠤᠰᠢ ᠬᠢᠬᠦ ᠠᠷᠭ᠎ᠠ ᠮᠠᠶ᠋ᠢᠭ | ᠂ ᠬᠠᠯᠠᠭᠤᠨ ᠤ ᠬᠡᠮᠵᠢᠶ᠎ᠠ ᠪᠤᠯᠤᠨ ᠴᠠᠭ ᠵᠡᠷᠭᠡ ᠤᠯᠠᠨ ᠳᠠᠯ᠎ᠠ ᠶᠢᠨ ᠬᠦᠴᠦᠨ ᠵᠦᠢᠯ ᠳᠤ ᠨᠦᠯᠦᠭᠡᠯᠡᠭᠲᠡᠬᠦ ᠶᠤᠮ᠃ | ᠳᠡᠶᠢᠮᠦ ᠠᠴᠠ ᠶᠠᠮᠠᠷᠪᠠ ᠢᠲᠡᠭᠡᠨ ᠤ ᠳᠤᠰᠦ ᠶᠢ ᠦᠨᠳᠦᠷ ᠬᠠᠯᠠᠭᠤᠨ ᠤ ᠨᠦᠬᠦᠴᠠᠯ ᠳᠤ ᠳᠠᠬᠢᠨ ᠲᠠᠪᠲᠠᠨ ᠬᠡᠷᠡᠭᠯᠡᠬᠦ ᠶᠢ | ᠰᠠᠨᠠᠭᠠᠴᠢᠯᠠᠬᠤ ᠦᠭᠡᠢ᠃ ᠬᠠᠭᠠᠷᠢᠵᠤ ᠪᠤᠴᠠᠯᠭᠠᠬᠤ ᠳᠤ ᠬᠡᠷᠡᠭᠯᠡᠭᠰᠡᠨ ᠲᠤᠰᠤᠨ ᠳᠤ ᠠᠯᠳᠧᠭᠢᠳ᠋ ᠵᠡᠷᠭᠡ ᠬᠢᠮᠢ ᠶᠢᠨ | ᠪᠤᠲᠠᠰ ᠡᠬᠦᠰᠴᠦ᠂ ᠳᠡᠬᠦᠨ ᠢ ᠤᠷᠲᠤ ᠬᠤᠭᠤᠴᠠᠭ᠎ᠠ ᠪᠠᠷ ᠢᠲᠡᠪᠡᠯ ᠬᠦᠮᠦᠨ ᠤ ᠪᠡᠶ᠎ᠡ ᠳᠤ ᠵᠤᠬᠢᠬᠤ ᠬᠦᠨᠦᠭᠡᠯ | ᠤᠴᠠᠷᠠᠬᠤ ᠪᠤᠯᠤᠨ᠎ᠠ᠃ ᠳᠤᠰᠬᠠᠢ ᠮᠡᠷᠭᠡᠵᠢᠯᠲᠠᠨ ᠤ ᠦᠵᠡᠬᠦ ᠪᠠᠷ᠂ ᠤᠷᠭᠤᠮᠠᠯ ᠤᠨ ᠳᠤᠰᠦ ᠶᠢ ᠰᠢᠨᠵᠢᠯᠡᠬᠦ | ᠤᠬᠠᠭᠠᠨᠴᠢ ᠪᠠᠷ ᠵᠦᠢ ᠵᠤᠬᠢᠰᠳᠠᠢ ᠢᠲᠡᠬᠦ ᠨᠢ ᠡᠩ ᠤᠨ ᠪᠠᠶᠢᠲᠠᠯ ᠳᠤ ᠬᠦᠮᠦᠨ ᠤ ᠪᠡᠶ᠎ᠡ ᠳᠤ ᠮᠠᠭᠤ ᠨᠦᠯᠦᠭᠡ ᠪᠤᠯᠬᠤ | ᠦᠭᠡᠢ᠃ ᠡᠬᠦᠨ ᠠᠴᠠ ᠭᠠᠲᠠᠨ᠎ᠠ᠂ ᠳᠤᠮᠳᠠᠳᠦ ᠤᠯᠤᠰ ᠤᠨ ᠬᠦᠮᠦᠨ ᠤ ᠢᠲᠡᠭᠡᠨ ᠤᠮᠲᠠᠭᠠᠨ ᠤ ᠲᠠᠳᠬᠠᠯ᠂ | ᠬᠤᠭᠤᠯᠠ ᠵᠠᠭᠤᠰᠢ ᠪᠠᠵᠠᠭᠠᠬᠤ ᠠᠷᠭ᠎ᠠ ᠮᠠᠶ᠋ᠢᠭ᠂ ᠬᠡᠷᠡᠭᠯᠡᠬᠦ ᠳᠤᠰᠦ ᠵᠡᠷᠭᠡ ᠨᠢ ᠪᠤᠰᠤᠳ ᠤᠯᠤᠰ ᠲᠠᠢ ᠵᠤᠬᠢᠬᠤ | ᠢᠯᠭᠠᠭ᠎ᠠ ᠲᠠᠢ᠂ ᠶᠡᠷᠦᠩᠬᠡᠢ ᠳᠤᠨᠢ ᠠᠪᠴᠦ ᠦᠵᠡᠪᠡᠯ᠂ ᠬᠢᠲᠠᠳ ᠮᠠᠶ᠋ᠢᠭ ᠤᠨ ᠬᠤᠭᠤᠯᠠ ᠵᠠᠭᠤᠰᠢ ᠪᠤᠯ ᠡᠸᠦ᠋ᠷᠤᠫᠠ | ᠬᠤᠭᠤᠯᠠ ᠵᠠᠭᠤᠰᠢ ᠠᠴᠠ ᠳᠦᠷᠦᠯ ᠵᠦᠢᠯ ᠢᠶᠠᠷ ᠤᠯᠠᠨ ᠪᠠᠶᠢᠲᠠᠭ᠂ ᠡᠸᠦ᠋ᠷᠤᠫᠠ ᠠᠮᠧᠷᠢᠺᠠ ᠶᠢᠨ ᠣᠯᠣᠰ ᠪᠤᠯ | ᠬᠠᠭᠠᠷᠢᠬᠤ᠂ ᠳᠤᠰᠤᠨ ᠳᠤ ᠪᠤᠴᠠᠯᠭᠠᠬᠤ ᠪᠠᠷ ᠭᠤᠤᠯ ᠪᠤᠯᠭᠠᠲᠠᠭ᠂ ᠬᠢᠲᠠᠳ ᠬᠤᠭᠤᠯᠠ ᠪᠤᠯ ᠬᠠᠭᠤᠷᠬᠤ᠂ ᠵᠢᠩᠨᠡᠬᠦ᠂ | ᠴᠢᠨᠠᠬᠤ ᠵᠡᠷᠭᠡ ᠤᠯᠠᠨ ᠵᠦᠢᠯ ᠪᠠᠶᠢᠲᠠᠭ᠂ ᠵᠢᠱᠢᠶᠠᠯᠠᠪᠠᠯ ᠳᠦᠷᠭᠡᠨ ᠬᠠᠭᠤᠷᠬᠤ᠂ ᠬᠠᠷᠠᠰᠦ ᠪᠠᠷ ᠵᠢᠩᠨᠡᠬᠦ ᠵᠡᠷᠭᠡ | ᠠᠷᠭ᠎ᠠ ᠪᠠᠷ ᠬᠤᠭᠤᠯᠠ ᠵᠠᠭᠤᠰᠢ ᠪᠠᠵᠠᠭᠠᠪᠠᠯ ᠳᠤᠰᠤᠨ ᠤ ᠬᠠᠯᠠᠭᠤᠨ ᠤ ᠬᠡᠮᠵᠢᠶ᠎ᠠ ᠶᠡᠷᠦ ᠶᠢᠨ ᠪᠠᠶᠢᠲᠠᠯ ᠳᠤ ᠳᠡᠶᠢᠮᠦ | ᠦᠨᠳᠦᠷ ᠬᠡᠮᠵᠢᠶᠠᠨ ᠳᠤ ᠬᠦᠷᠬᠦ ᠦᠭᠡᠢ ᠶᠤᠮ᠃ |