ᠡᠯᠡᠰᠦᠨ ᠴᠦᠯ ᠤᠨ ᠤᠷᠭᠤᠮᠠᠯ ᠤᠷᠲᠤ ᠬᠤᠭᠤᠴᠠᠭ᠎ᠠ ᠪᠠᠷ ᠡᠯᠡᠰᠦᠨ ᠴᠦᠯ ᠤᠨ ᠭᠠᠩ ᠬᠠᠭᠤᠷᠠᠢ ᠤᠷᠴᠢᠨ | ᠲᠤᠭᠤᠷᠢᠨ ᠳᠤ ᠤᠷᠭᠤᠵᠤ᠂ ᠭᠠᠩ ᠬᠠᠭᠤᠷᠠᠢ ᠠᠭᠤᠷ ᠠᠮᠢᠰᠬᠤᠯ ᠳᠤ ᠠᠭᠠᠵᠢᠮ ᠢᠶᠠᠷ ᠵᠤᠬᠢᠴᠠᠵᠤ᠂ ᠶᠠᠩᠵᠤ | ᠪᠦᠷᠢ ᠶᠢᠨ ᠭᠠᠩ ᠢ ᠰᠡᠷᠭᠡᠶᠢᠯᠡᠬᠦ ᠴᠢᠳᠠᠪᠬᠢ ᠲᠠᠢ ᠪᠤᠯᠤᠭᠰᠠᠨ ᠪᠠᠶᠢᠨ᠎ᠠ᠃ ᠬᠠᠮᠤᠭ ᠨᠡᠷᠡᠳᠡᠢ ᠨᠢᠭᠡ ᠵᠦᠢᠯ ᠤᠨ | ᠡᠯᠡᠰᠦᠨ ᠴᠦᠯ ᠤᠨ ᠤᠷᠭᠤᠮᠠᠯ ᠪᠤᠯ ᠠᠷᠰᠢ ᠶᠢᠨ ᠭᠠᠷ ᠤᠨ ᠢᠵᠠᠭᠤᠷ ᠤᠨ ᠤᠷᠭᠤᠮᠠᠯ ᠪᠤᠯᠤᠨ᠎ᠠ᠃ ᠨᠠᠪᠴᠢ ᠨᠢ | ᠬᠠᠳᠠᠭᠠᠳ ᠵᠡᠬᠦᠦ ᠶᠢᠨ ᠬᠡᠯᠪᠡᠷᠢ ᠲᠠᠢ ᠪᠤᠯᠵᠤ᠂ ᠤᠰᠤᠨ ᠤ ᠠᠭᠤᠷᠰᠢᠯᠳᠠ ᠶᠢ ᠪᠠᠭᠠᠰᠬᠠᠬᠤ ᠪᠤᠯᠬᠤ ᠳᠤ ᠡᠰᠢ ᠨᠢ | ᠬᠠᠷᠢᠨ ᠤᠯᠠᠮ ᠪᠦᠳᠦᠬᠦᠷᠡᠭᠡᠳ ᠨᠡᠩ ᠠᠷᠪᠢᠨ ᠤᠰᠤ ᠬᠠᠳᠠᠭᠠᠯᠠᠬᠤ ᠪᠤᠯᠵᠤ᠂ ᠡᠰᠢᠨ ᠤ ᠨᠠᠪᠴᠢᠨ ᠤ ᠨᠤᠭᠤᠭᠠᠨ | ᠡᠳ᠋ ᠨᠢ ᠬᠡᠷᠡᠯ ᠤᠨ ᠨᠡᠶᠢᠯᠡᠯᠭᠡ ᠶᠢᠨ ᠦᠢᠯᠡᠳᠦᠯ ᠭᠠᠷᠭᠠᠵᠤ ᠢᠳᠡᠭᠡᠨ ᠦᠢᠯᠡᠳᠪᠦᠷᠢᠯᠡᠳᠡᠭ᠃ ᠮᠧᠺᠰᠢᠺᠦ ᠶᠢᠨ ᠡᠯᠡᠰᠦᠨ | ᠴᠦᠯ ᠳᠤ ᠨᠢᠭᠡᠨ ᠲᠤᠮᠤ ᠬᠡᠯᠪᠡᠷᠢ ᠶᠢᠨ ᠠᠷᠰᠢ ᠶᠢᠨ ᠭᠠᠷ ᠪᠤᠢ᠃ ᠬᠡᠯᠪᠡᠷᠢ ᠲᠦᠷᠰᠦ ᠨᠢ ᠮᠤᠳᠤ ᠰᠢᠭ᠋᠃ ᠲᠡᠬᠦᠨ ᠢ | ᠬᠡᠷᠴᠢᠵᠦ ᠦᠵᠡᠪᠡᠯ ᠲᠤᠳᠤᠷ᠎ᠠ ᠨᠢ ᠴᠦᠮ ᠤᠰᠤ ᠪᠠᠶᠢᠵᠤ᠂ ᠶᠠᠭ ᠯᠡ ᠰᠠᠭᠤᠯᠭ᠎ᠠ ᠰᠢᠤᠬᠠᠨ ᠪᠠᠶᠢᠳᠠᠭ᠃ ᠡᠨᠡ ᠨᠢ | ᠲᠠᠷᠤᠢ ᠭᠠᠩ ᠳᠤ ᠲᠡᠰᠪᠦᠷᠢᠳᠠᠢ ᠪᠠᠶᠢᠳᠠᠭ ᠶᠢᠨ ᠨᠢᠭᠤᠴᠠ ᠪᠤᠯᠤᠨ᠎ᠠ᠃ ᠵᠠᠷᠢᠮ ᠡᠯᠡᠰᠦᠨ ᠴᠦᠯ ᠤᠨ ᠤᠷᠭᠤᠮᠠᠯ ᠨᠢ | ᠬᠦᠨ ᠦᠨᠳᠦᠰᠦ ᠬᠠᠳᠬᠤᠵᠤ ᠭᠠᠵᠠᠷ ᠲᠤᠤᠷᠠᠬᠢ ᠤᠰᠤᠨ ᠰᠤᠷᠪᠤᠯᠵᠢ ᠶᠢ ᠠᠰᠢᠭᠯᠠᠨ ᠭᠠᠩ ᠢ ᠰᠡᠷᠭᠡᠶᠢᠯᠡᠳᠡᠭ᠃ | ᠵᠢᠱᠢᠶᠡᠯᠡᠪᠡᠯ ᠲᠡᠮᠡᠭᠡᠨ ᠦᠷᠭᠡᠰᠦ ᠶᠢᠨ ᠦᠨᠳᠦᠰᠦ ᠨᠢ ᠭᠠᠵᠠᠷ ᠠᠴᠠ ᠲᠤᠷᠤᠭᠰᠢ 15 ᠮᠧᠳ᠋ᠷ ᠬᠦᠨ ᠳᠤ ᠪᠠᠶᠢᠬᠤ | ᠤᠰᠤ ᠶᠢ ᠰᠢᠩᠭᠡᠭᠡᠳᠡᠭ᠃ | |