ᠨᠤᠮ ᠪᠤᠯ ᠤᠬᠠᠭᠠᠨ ᠪᠢᠯᠢᠭ ᠤᠨ ᠭᠡᠭᠡᠨ ᠵᠤᠯᠠ᠂ ᠤᠶᠤᠨ ᠰᠠᠨᠠᠭᠠᠨ ᠤ ᠰᠢᠮᠡᠲᠦ ᠷᠠᠰᠢᠶᠠᠨ᠃ ᠨᠤᠮ ᠤᠩᠰᠢᠬᠤ | ᠲᠠᠯ᠎ᠠ ᠪᠠᠷ ᠢᠪᠷᠡᠶᠢᠴᠦᠳ ᠳᠡᠯᠡᠬᠡᠢ ᠳᠤ ᠲᠡᠷᠢᠬᠦᠯᠡᠵᠦ ᠪᠤᠢ᠂ ᠲᠡᠭᠰᠢᠳᠭᠡᠭᠡᠳ ᠬᠦᠮᠦᠨ ᠪᠦᠷᠢ ᠵᠢᠯ ᠳᠤ 64 ᠲᠡᠪᠲᠡᠷ | ᠨᠤᠮ ᠤᠩᠰᠢᠳᠠᠭ᠃ ᠲᠡᠳᠡ ᠬᠡᠦᠬᠡᠳ ᠢᠶᠠᠨ ᠰᠤᠷᠭᠠᠨ ᠬᠦᠮᠦᠵᠢᠬᠦᠯᠬᠦ ᠳᠡᠭᠡᠨ ᠡᠳ᠋ ᠤᠨ ᠪᠠᠶᠠᠯᠢᠭ ᠢ ᠲᠡᠷᠢᠬᠦᠨ | ᠪᠠᠶᠢᠷᠢᠨ ᠳᠤ ᠲᠠᠯᠪᠢᠬᠤ ᠪᠢᠰᠢ᠂ ᠬᠠᠷᠢᠨ ︽ᠨᠤᠮ ᠪᠤᠯ ᠮᠡᠳᠡᠯᠭᠡ ᠶᠢᠨ ᠬᠦᠮᠦᠷᠭᠡ᠂ ᠮᠡᠳᠡᠯᠬᠡ ᠪᠤᠯ ᠵᠤᠭᠤᠰ ᠮᠦᠩᠬᠦ᠂ | ᠠᠯᠮᠠᠰ ᠴᠢᠯᠠᠭᠤ ᠠᠴᠠ ᠴᠤ ᠦᠨ᠎ᠡ ᠴᠡᠨ᠎ᠡ ᠲᠠᠢ ᠶᠤᠮ᠂ ᠴᠢᠨᠦ ᠰᠤᠷᠤᠭᠰᠠᠨ ᠮᠡᠳᠡᠯᠭᠡ ᠶᠢ ᠬᠡᠨ ᠬᠦᠮᠦᠨ ᠴᠤ ᠪᠤᠯᠢᠶᠠᠨ | ᠠᠪᠴᠤ ᠴᠢᠳᠠᠬᠤ ᠦᠭᠡᠢ ᠶᠤᠮ︾ ᠬᠡᠵᠦ ᠲᠦᠪ ᠴᠢᠩᠭ᠎ᠠ ᠪᠠᠷ ᠰᠤᠷᠭᠠᠵᠤ ᠲᠡᠭᠦᠨ ᠤ ᠷᠢᠳᠢ ᠰᠢᠳᠢ ᠶᠢ ᠬᠡᠦᠬᠡᠳ ᠤᠨ | ᠦᠪᠡᠷ ᠤᠨ ᠪᠡᠶ᠎ᠡ ᠪᠠᠷ ᠨᠢ ᠮᠡᠳᠡᠷᠡᠭᠦᠯᠳᠡᠭ ᠶᠤᠮ᠃ | ᠮᠤᠩᠭᠤᠯᠴᠤᠳ ᠴᠤ ᠡᠷᠳᠡᠨ ᠠᠴᠠ ᠪᠠᠨ ᠠᠪᠤᠭᠠᠳ ᠨᠤᠮ ᠪᠢᠴᠢᠭ ᠢ ᠬᠦᠨᠳᠦᠳᠭᠡᠨ ᠦᠵᠡᠵᠦ᠂ ᠲᠤᠭᠤᠰᠤ | ᠰᠢᠷᠤᠢ ᠳᠤ ᠲᠠᠷᠤᠭᠳᠠᠭᠤᠯᠬᠤ ᠦᠭᠡᠢ᠂ ᠤᠷᠠᠵᠤ ᠲᠠᠰᠤᠳᠠᠬᠤ ᠦᠬᠡᠢ᠂ ᠭᠠᠵᠠᠷ ᠬᠦᠰᠡᠷ ᠬᠠᠶᠠᠵᠤ ᠰᠢᠳᠡᠬᠦ ᠦᠬᠡᠢ᠂ | ᠬᠠᠷᠢᠨ ᠲᠡᠭᠡᠳᠦ ᠬᠡᠮᠵᠢᠶ᠎ᠡ ᠪᠠᠷ ᠡᠷᠬᠢᠮᠯᠡᠨ ᠬᠦᠨᠳᠦᠳᠭᠡᠵᠦ ᠦᠵᠡᠳᠡᠭ ᠵᠠᠩᠰᠢᠯ ᠲᠠᠢ ᠪᠠᠶᠢᠳᠠᠭ᠃ ᠮᠤᠩᠭᠤᠯ ᠲᠦᠮᠡᠨ ᠤ | ᠮᠢᠨᠢ ᠡᠷᠳᠡᠨ ᠠᠴᠠ ᠤᠯᠠᠮᠵᠢᠯᠠᠭᠰᠠᠨ ᠡᠶᠢᠮᠦᠷᠬᠦᠤ ᠰᠠᠶᠢᠬᠠᠨ ᠵᠠᠩᠰᠢᠯ ᠦᠨᠦᠲᠦᠷ ᠮᠠᠨ ᠳᠤ ᠶᠠᠭᠤ ᠨᠢᠭᠡ ᠶᠢ | ᠰᠡᠷᠡᠭᠳᠡᠭᠦᠯᠵᠦ ᠰᠡᠩᠬᠡᠷᠡᠭᠦᠯᠵᠦ ᠪᠤᠢ᠃ ᠨᠤᠮ ᠤᠩᠰᠢᠬᠤ ᠪᠤᠯ ᠪᠢᠳᠡᠨ ᠤ ᠮᠡᠳᠡᠯᠭᠡ ᠶᠢᠨ ᠬᠦᠷᠢᠶ᠎ᠡ ᠬᠡᠪᠴᠢᠶ᠎ᠡ ᠶᠢ | ᠦᠷᠭᠡᠳᠭᠡᠨ ᠲᠡᠯᠡᠬᠦ ᠪᠠᠷ ᠪᠠᠷᠠᠬᠤ ᠦᠭᠡᠢ ᠨᠡᠩ ᠴᠢᠬᠤᠯᠠ ᠨᠢ ᠤᠢ ᠪᠢᠯᠢᠭ ᠢ ᠴᠢᠨᠢ ᠬᠤᠷᠴᠠᠯᠠᠵᠤ᠂ ᠰᠡᠳᠭᠢᠯ | ᠰᠠᠨᠠᠭ᠎ᠠ ᠶᠢ ᠠᠷᠢᠭᠤᠰᠬᠠᠨ᠂ ᠪᠤᠳᠤᠯ ᠤᠬᠠᠭᠠᠨ ᠢ ᠴᠢᠨᠢ ᠰᠠᠷᠠᠭᠤᠯᠵᠢᠭᠤᠯᠬᠤ ᠶᠤᠮ᠃ | ᠨᠤᠮ ᠤᠩᠰᠢᠬᠤ ᠪᠠᠷ ᠨᠢ ᠦᠭᠡᠰ ᠤᠨ ᠰᠠᠩ ᠪᠠᠶᠠᠯᠢᠭᠵᠢᠵᠤ᠂ ᠮᠡᠳᠡᠯᠭᠡ ᠶᠢᠨ ᠬᠦᠷᠢᠶ᠎ᠡ ᠬᠡᠪᠴᠢᠶ᠎ᠡ ᠦᠷᠭᠡᠵᠢᠨ | ᠬᠠᠷᠠᠭ᠎ᠠ ᠲᠡᠯᠡᠭᠳᠡᠨᠡ᠃ ᠨᠤᠮ ᠤᠩᠰᠢᠭᠰᠠᠨ ᠬᠦᠮᠦᠨ ᠪᠠ ᠨᠤᠮ ᠤᠩᠰᠢᠭᠰᠠᠨ ᠦᠭᠡᠢ ᠬᠦᠮᠦᠨ ᠤ ᠵᠦᠷᠢᠶ᠎ᠡ ᠲᠤᠩ | ᠶᠡᠭᠡ ᠪᠠᠶᠢᠳᠠᠭ᠃ ᠮᠤᠩᠭᠤᠯ ᠤᠯᠤᠰ ᠤᠨ ᠶᠡᠭᠡ ᠡᠷᠳᠡᠮᠳᠡᠨ ᠴ᠊ · ᠳᠠᠮᠳᠢᠨᠰᠦ᠋ᠷᠦᠩ᠄ ︽ᠨᠤᠮ ᠤᠨ ᠤᠳᠬ᠎ᠠ ᠠᠨᠤ | ᠲᠡᠭᠷᠢ ᠮᠡᠲᠦ ᠠᠭᠤᠤ᠂ ᠲᠡᠯᠡᠬᠡᠢ ᠮᠡᠲᠦ ᠦᠷᠭᠡᠨ᠂ ᠲᠠᠯᠠᠢ ᠮᠡᠲᠦ ᠭᠦᠨ᠂ ᠨᠤᠮ ᠢ ᠤᠩᠰᠢᠬᠤ ᠠᠨᠤ ᠲᠡᠭᠷᠢ ᠳᠤ | ᠨᠢᠰᠴᠤ᠂ ᠲᠡᠯᠡᠬᠡᠢ ᠶᠢ ᠲᠤᠭᠤᠷᠢᠵᠤ᠂ ᠲᠠᠯᠠᠢ ᠳᠤ ᠬᠦᠪᠬᠦ ᠮᠡᠲᠦ︾ ᠭᠡᠵᠦ ᠲᠡᠬᠦᠨ ᠤ ᠰᠢᠳᠢ ᠬᠦ᠋ᠴᠦᠨ ᠢ ᠤᠳᠬ᠎ᠠ | ᠭᠦᠨ ᠳ᠋ᠦᠩᠨᠡᠭᠰᠡᠨ ᠪᠠᠶᠢᠳᠠᠭ᠃ ᠭᠠᠭᠴᠠ ᠬᠦ ᠨᠤᠮ ᠤᠨ ᠤᠬᠠᠭᠠᠨ ᠢ ᠤᠯᠵᠤ ᠨᠤᠮ ᠤᠨ ᠰᠢᠮ᠎ᠡ ᠶᠢ ᠬᠦᠷᠲᠡᠵᠦ | ᠴᠢᠳᠠᠭᠰᠠᠨ ᠬᠦᠮᠦᠨ ᠰᠠᠶ᠋ᠢ ᠡᠬᠦᠨ ᠢ ᠴᠠᠭᠠᠨᠠᠬᠢ ᠤᠳᠬ᠎ᠠ ᠶᠢ ᠬᠦᠨᠵᠡᠬᠡᠢ ᠤᠢᠢᠯᠠᠭᠠᠵᠤ ᠴᠢᠳᠠᠨ᠎ᠠ᠃ | | | | | ᠨᠤᠮ ᠤᠩᠰᠢᠬᠤ ᠪᠠᠷ ᠬᠡᠯᠡᠨ ᠤ ᠮᠡᠳᠡᠷᠡᠮᠵᠢ ᠰᠠᠶᠢᠵᠢᠷᠠᠵᠤ ᠬᠡᠯᠡᠨ ᠤ ᠴᠢᠳᠠᠪᠬᠢ ᠲᠡᠭᠡᠭᠰᠢᠯᠡᠨ᠎ᠡ᠃ ᠨᠤᠮ ᠰᠠᠶᠢᠨ | ᠤᠩᠰᠢᠳᠠᠭ ᠬᠦᠮᠦᠨ ᠬᠡᠯᠡᠨ ᠤ ᠲᠤᠬᠠᠢ ᠶᠢᠨ ᠤᠷᠴᠢᠨ ᠳᠤ ᠤᠳᠠᠭᠠᠨ ᠲᠠᠪᠳᠠᠭᠳᠠᠳᠠᠭ ᠪᠤᠯᠬᠤᠷ ᠬᠡᠯᠡᠨ ᠤ ᠲᠤᠬᠠᠢ | ᠮᠡᠳᠡᠷᠡᠮᠵᠢ ᠰᠠᠶᠢᠳᠠᠢ ᠪᠤᠯᠵᠤ ᠤᠩᠰᠢᠭᠰᠠᠨ ᠶᠠᠭᠤᠮᠠᠨ ᠤ ᠪᠠᠨ ᠲᠤᠬᠠᠢ ᠭᠦᠨᠵᠡᠭᠡᠢ ᠰᠡᠳᠭᠢᠵᠦ ᠨᠡᠪᠲᠡᠷᠬᠡᠢ ᠤᠶᠢᠯᠠᠭᠠᠵᠤ | ᠴᠢᠳᠠᠨ᠎ᠠ᠂ ᠢᠩᠭᠢᠬᠦ ᠲᠤᠰᠤᠮ ᠢᠶᠠᠨ ᠬᠡᠯᠡᠨ ᠳᠤ ᠤᠯᠠᠮ ᠴᠠᠭᠠᠷᠠᠵᠤ ᠪᠣᠯᠪᠠᠰᠣᠷᠠᠵᠣ ᠬᠡᠯᠡ ᠶᠢ ᠬᠡᠷᠡᠭᠯᠡᠬᠦ ᠳᠡᠭᠡᠨ | ᠵᠢᠷᠤᠭ᠎ᠠ ᠮᠤᠷᠢᠨ ᠳᠤ ᠲᠠᠰᠢᠭᠤᠷ ᠦᠭᠬᠦ ᠠᠳᠠᠯᠢ ᠬᠦᠩᠭᠡᠨ ᠪᠤᠯᠳᠠᠭ᠃ ᠨᠤᠮ ᠵᠤᠬᠢᠶᠠᠯ ᠲᠠᠢ ᠢᠯᠡᠭᠦᠬᠡᠨ ᠤᠶᠢᠷᠠᠳᠤᠳᠠᠭ | ᠬᠦᠮᠦᠨ ᠪᠢᠷ ᠪᠠᠷᠢᠭᠠᠳ ᠨᠢᠭᠡ ᠶᠠᠭᠤᠮ᠎ᠠ ᠪᠢᠴᠢᠬᠦ ᠪᠠᠷ ᠨᠢ ᠤᠰᠤᠨ ᠤ ᠤᠷᠤᠰᠬᠠᠯ ᠲᠠᠭᠠᠤ ᠤᠩᠭᠤᠴᠠ ᠰᠡᠯᠢᠵᠦ | ᠪᠠᠶᠢᠭ᠎ᠠ ᠠᠳᠠᠯᠢ ᠢᠯᠳᠠᠮᠬᠠᠨ ᠪᠤᠯᠵᠤ ᠢᠷᠡᠳᠡᠭ᠃ | ᠨᠤᠮ ᠤᠩᠰᠢᠬᠤ ᠪᠠᠷ ᠰᠡᠳᠭᠢᠯ ᠠᠷᠢᠭᠤᠰᠴᠤ ᠤᠬᠠᠭᠠᠨ ᠰᠠᠷᠠᠭᠤᠯ ᠪᠤᠯᠤᠨ᠎ᠠ᠃ ᠨᠢᠭᠡ ᠲᠡᠪᠳᠡᠷ ᠰᠠᠶᠢᠨ ᠨᠤᠮ | ᠪᠤᠯ ᠴᠢᠨᠦ ᠰᠡᠳᠭᠢᠯ ᠤᠨ ᠴᠢᠨᠢ ᠢᠲᠡᠭᠡᠯᠲᠦ ᠨᠦᠬᠦᠷ᠂ ᠦᠪᠡᠷ ᠤᠨ ᠲᠤᠭᠤᠵᠤ ᠪᠠᠭ᠋ᠠᠷᠬᠠᠭᠰᠠᠨ ᠨᠤᠮ ᠢᠶᠠᠨ ᠤᠯᠵᠤ | ᠤᠩᠰᠢᠬᠤ ᠭᠡᠳᠡᠭ ᠪᠤᠯ ᠨᠢᠭᠡ ᠵᠦᠢᠯ ᠤᠨ ᠵᠢᠷᠭᠠᠯ᠃ ᠤᠷᠤᠢ ᠶᠢᠨ ᠨᠠᠮ ᠵᠢᠮ ᠴᠠᠭ ᠢᠶᠠᠷ᠂ ᠡᠰᠡᠭᠦᠯ᠎ᠡ ᠪᠤᠷᠤᠭᠠᠨ | ᠰᠢᠪᠡᠷᠡᠭᠰᠡᠨ ᠦᠳᠡ ᠶᠢᠨ ᠬᠤᠶᠢᠨ᠎ᠠ᠂ ᠡᠰᠡᠭᠦᠯ᠎ᠡ ᠨᠤᠮ ᠤᠨ ᠰᠠᠩ ᠤᠨ ᠰᠡᠯᠡᠬᠦᠬᠡᠨ ᠦᠷᠦᠭᠡᠨ ᠳᠤ᠂ ᠡᠰᠡᠬᠦᠯ᠎ᠡ | ᠤᠶᠢᠳᠬᠠᠷ ᠪᠤᠬᠢᠨᠢᠳᠤᠯ ᠰᠡᠳᠭᠢᠯ ᠰᠠᠨᠠᠭ᠎ᠠ ᠶᠢ ᠣᠶᠢᠮᠦᠷᠠᠭᠤᠯᠣᠭᠰᠠᠨ ᠦᠶ᠎ᠡ ᠳᠤ ᠨᠤᠮ ᠤᠩᠰᠢᠬᠤ ᠨᠢ ᠴᠢᠨᠦ ᠰᠡᠳᠭᠢᠯ | ᠰᠠᠨᠠᠭ᠎ᠠ ᠶᠢ ᠲᠠᠶᠢᠪᠤᠩ ᠪᠤᠯᠭᠠᠵᠤ᠂ ᠠᠯᠢ ᠪᠠᠶᠢᠭᠰᠠᠨ ᠭᠤᠨᠢᠭ ᠤᠶᠢᠳᠬᠠᠷ᠂ ᠰᠡᠳᠭᠢᠯ ᠳᠤ ᠲᠠᠭᠠᠯᠠᠮᠵᠢ ᠦᠭᠡᠢ | ᠵᠦᠢᠯ ᠤᠳ ᠢ ᠦᠯᠦ ᠮᠡᠳᠡᠬᠦ ᠶᠢᠨ ᠵᠠᠪᠰᠠᠷ ᠠᠷᠢᠯᠭᠠᠵᠤ᠂ ᠰᠡᠳᠭᠢᠯ ᠰᠠᠨᠠᠭᠠᠨ ᠤ ᠲᠠᠶᠢᠳᠬᠤᠷᠠᠯ ᠢ ᠤᠯᠬᠤ ᠮᠦᠷᠲᠡᠭᠡᠨ | ᠦᠪᠡᠷ ᠢ ᠪᠠᠨ ᠵᠢᠩᠬᠢᠨᠢ ᠲᠠᠨᠢᠵᠤ ᠡᠬᠢᠯᠡᠳᠡᠭ᠃ ᠨᠤᠮ ᠲᠠᠢ ᠨᠦᠬᠦᠷᠯᠡᠵᠦ ᠴᠢᠳᠠᠭᠰᠠᠨ ᠬᠦᠮᠦᠨ ᠤ ᠰᠠᠨᠠᠭ᠎ᠠ | ᠠᠷᠢᠭᠤᠰᠴᠤ ᠰᠡᠳᠭᠢᠯ ᠲᠠᠯᠪᠢᠭᠤᠷᠠᠭᠠᠳ ᠶᠢᠷᠲᠢᠨᠴᠤ ᠶᠢᠨ ᠶᠠᠭᠤᠮ᠎ᠠ ᠪᠦᠬᠦᠨ ᠢ ᠲᠤᠩᠭᠠᠯᠠᠭ ᠬᠠᠷᠠᠵᠤ ᠴᠢᠳᠠᠬᠤ | ᠪᠤᠯᠤᠨ᠎ᠠ᠃ | ᠤᠳᠤᠬᠠᠨ ᠳᠤ ᠲᠡᠯᠡᠬᠡᠢ ᠳ᠋ᠠᠬᠢᠨ ᠢᠶᠠᠷ ᠢᠶᠠᠨ ᠨᠤᠮ ᠤᠩᠰᠢᠬᠤ ᠰᠢᠨ᠎ᠡ ᠦᠷᠨᠢᠯᠳᠡ ᠭᠠᠷᠴᠤ ᠪᠤᠢ᠃ ᠤᠯᠠᠨ | ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ | ᠪᠠᠶᠢᠭᠤᠯᠤᠯᠳᠠ ᠠᠴᠠ 1995 ᠤᠨ ᠳᠤ ᠵᠢᠯ ᠪᠦᠷᠢ ᠶᠢᠨ 4 ᠰᠠᠷ᠎ᠠ ᠶᠢᠨ 23 ᠤ ᠡᠳᠦᠷ ᠢ ︽ᠲᠡᠯᠡᠬᠡᠢ ᠶᠢᠨ ᠨᠤᠮ | ᠤᠩᠰᠢᠬᠤ ᠡᠳᠦᠷ︾ ᠭᠡᠵᠦ ᠲᠤᠭᠳᠠᠭᠠᠭᠰᠠᠨ ᠪᠠᠶᠢᠨ᠎ᠠ᠃ ᠦᠨᠦᠳᠦᠷ ᠲᠤᠤᠷ ᠰᠦᠯᠵᠢᠶ᠎ᠡ ᠲᠦᠭᠡᠮᠡᠯᠵᠢᠵᠦ ᠭᠠᠷ | ᠤᠳᠠᠰᠤ ᠭᠠᠵᠠᠷ ᠠᠪᠴᠤ ᠪᠠᠶᠢᠭ᠎ᠠ ᠴᠠᠭ ᠲᠤ ᠨᠤᠮ ᠤᠩᠰᠢᠬᠤ ᠠᠵᠢᠯᠯᠠᠭ᠎ᠠ ᠶᠢ ᠣᠷᠢᠶᠠᠯᠠᠬᠤ ᠨᠢ ᠴᠠᠭ ᠦᠶ᠎ᠡ ᠳᠡᠭᠡᠨ | ᠶᠠᠭᠠᠬᠢᠬᠤ ᠶᠢᠨ ᠠᠷᠭ᠎ᠠ ᠦᠭᠡᠢ ᠲᠤᠬᠢᠷᠠᠭᠰᠠᠨ ᠪᠦᠭᠡᠳ ᠵᠠᠪᠠᠯ ᠢᠩᠭᠢᠵᠦ ᠬᠢᠬᠦ ᠴᠢᠬᠤᠯᠠ ᠲᠠᠢ ᠪᠤᠯᠵᠠᠢ᠃ | ︽ᠨᠤᠮ ᠤᠩᠰᠢᠬᠤ ᠦᠭᠡᠢ ᠪᠤᠯ ᠤᠬᠠᠭᠠᠨ ᠠᠳᠠᠷᠰᠢᠨ᠎ᠠ᠂ ᠪᠢᠴᠢᠭ ᠰᠤᠷᠬᠤ ᠦᠭᠡᠢ ᠪᠤᠯ ᠪᠢᠯᠢᠭ ᠠᠳᠠᠷᠰᠢᠨ᠎ᠠ︾ | ᠭᠡᠳᠡᠭ᠃ ᠵᠠᠯᠠᠭᠤᠴᠤᠤᠨ ᠪᠠᠭᠠᠴᠤᠳ ᠮᠢᠨᠢ᠂ ᠨᠤᠮ ᠲᠠᠢ ᠢᠯᠡᠭᠦᠬᠡᠨ ᠤᠶᠢᠷᠠᠳᠴᠤ᠂ ᠨᠤᠮ ᠲᠠᠢ ᠨᠦᠬᠦᠷᠯᠡᠵᠤ᠂ | ᠨᠤᠮ ᠢᠶᠠᠷ ᠪᠠᠭᠰᠢ ᠪᠠᠷᠢᠵᠤ᠂ ᠨᠤᠮ ᠤᠨ ᠤᠬᠠᠭᠠᠨ ᠢᠶᠠᠷ ᠦᠪᠡᠷ ᠢ ᠪᠠᠨ ᠰᠠᠷᠠᠭᠤᠯᠵᠢᠭᠤᠯᠵᠤ ᠶᠠᠪᠤᠭᠠᠷᠠᠢ︕ |