ᠵᠤᠨ ᠤ ᠠᠮᠠᠷᠠᠯᠲᠠ ᠶᠢᠨ ᠠᠮᠤᠷ ᠲᠦᠪᠰᠢᠨ ᠤ ᠰᠠᠨᠠᠭᠤᠯᠤᠮᠵᠢ
ᠨᠡᠶᠢᠲᠡᠯᠡᠭᠰᠡᠨ ᠴᠠᠭ᠄
2020/8/26
  ᠵᠤᠨ ᠤ ᠠᠮᠠᠷᠠᠯᠲᠠ ᠬᠦᠷᠴᠦ ᠢᠷᠡᠬᠦ ᠶᠢ ᠳᠠᠭᠠᠯᠳᠤᠨ᠂ ᠳᠤᠮᠳᠠᠲᠦ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠤᠰᠤᠨ ᠳᠤ ᠠᠳᠡᠵᠦ ᠪᠠᠶᠢᠭ᠎ᠠ ᠦᠵᠡᠭᠳᠡᠯ ᠤᠯᠠᠨ ᠭᠠᠷᠴᠦ ᠪᠤᠢ᠃   ᠲᠤᠮᠳᠠᠳᠦ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠵᠤᠨ ᠤ ᠠᠮᠠᠷᠠᠯᠲᠠ ᠶᠢᠨ ᠠᠮᠤᠷ ᠲᠦᠪᠰᠢᠨ ᠤ ᠠᠰᠠᠭᠤᠳᠠᠯ ᠪᠤᠯ ᠨᠢᠭᠡᠨ ᠤᠮᠳᠤᠭᠠᠢᠢᠯᠠᠵᠦ ᠪᠤᠯᠤᠰᠢ ᠦᠭᠡᠢ ᠲᠤᠮᠤ ᠠᠰᠠᠭᠤᠳᠠᠯ ᠶᠤᠮ᠃ ᠡᠭᠦᠨ ᠳᠤ ᠵᠤᠷᠢᠭᠤᠯᠤᠨ ᠨᠠᠶᠢᠷᠠᠭᠤᠯᠤᠭᠴᠢ ᠠᠴᠠ ᠳᠤᠤᠷᠠᠬᠢ ᠬᠡᠳᠦᠨ ᠵᠦᠢᠯ ᠤᠨ ᠠᠮᠤᠷ ᠲᠦᠪᠰᠢᠨ ᠤ ᠰᠠᠨᠠᠭᠤᠯᠤᠮᠵᠢ ᠶᠢ ᠰᠤᠷᠤᠭᠴᠢ ᠪᠤᠯᠤᠨ ᠭᠡᠷ ᠤᠨ ᠠᠬᠠᠮᠠᠳ ᠲᠠᠭᠠᠨ ᠬᠦᠷᠭᠡᠶ᠎ᠡ︕   ᠵᠠᠮ ᠬᠠᠷᠢᠯᠴᠠᠭᠠᠨ ᠤ ᠠᠮᠤᠷ ᠲᠦᠪᠰᠢᠨ ᠢ ᠠᠩᠬᠠᠷᠬᠤ ᠬᠡᠷᠡᠭᠲᠡᠢ   1. ᠵᠠᠮ ᠬᠠᠷᠢᠯᠴᠠᠭᠠᠨ ᠤ ᠳᠦᠷᠢᠮ ᠲᠤᠭᠳᠠᠭᠠᠯ ᠢ ᠴᠢᠩᠭ᠎ᠠ ᠵᠢᠷᠤᠮᠯᠡᠬᠤ ᠬᠡᠷᠡᠭᠲᠡᠢ᠃   2. ᠵᠠᠮ ᠶᠠᠪᠤᠬᠤ ᠪᠤᠶᠤ ᠲᠤᠭᠤᠢ ᠤᠨᠤᠬᠤ ᠳᠠᠭᠠᠨ ᠭᠠᠷ ᠤᠳᠠᠰᠦ ᠦᠵᠡᠬᠦ ᠦᠭᠡᠢ᠂ ᠳᠠᠭᠤᠤ ᠬᠦᠭᠵᠢᠮ ᠰᠤᠨᠤᠰᠬᠤ ᠦᠭᠡᠢ᠃   3. ᠮᠠᠰᠢᠨ ᠲᠡᠷᠭᠡ ᠤᠯᠠᠨ ᠭᠠᠵᠠᠷ ᠨᠠᠭᠠᠳᠤᠨ ᠲᠤᠭᠯᠠᠵᠦ ᠪᠤᠯᠬᠤ ᠦᠭᠡᠢ᠃   4. ᠪᠦᠬᠦᠯᠢ 12 ᠨᠠᠰᠤ ᠬᠦᠷᠦᠭᠡᠳᠦᠢ ᠬᠡᠥᠬᠡᠳ ᠲᠤᠭᠤᠢ ᠲᠡᠷᠭᠡ ᠤᠨᠤᠬᠤ ᠪᠤᠶᠤ ᠮᠠᠰᠢᠨ ᠲᠡᠷᠭᠡᠨ ᠤ ᠵᠢᠯᠤᠭᠤᠴᠢ ᠶᠢᠨ ᠬᠠᠵᠠᠭᠤᠳᠡᠬᠢ ᠰᠠᠭᠤᠳᠠᠯ ᠳᠤ ᠰᠠᠭᠤᠵᠦ ᠪᠤᠯᠬᠤ ᠦᠭᠡᠢ᠃   5. ᠭᠠᠵᠠᠷ ᠲᠤᠤᠷᠠᠬᠢ ᠲᠡᠮᠦᠷ ᠵᠠᠮᠲᠦ ᠲᠡᠷᠭᠡ ᠪᠤᠶᠤ ᠨᠡᠶᠢᠲᠡ ᠶᠢᠨ ᠮᠠᠰᠢᠨ ᠲᠡᠷᠭᠡᠨ ᠳᠤ ᠰᠠᠭᠤᠬᠤ ᠳᠠᠭᠠᠨ ᠲᠡᠷᠭᠡᠨ ᠳᠤ ᠭᠠᠷᠬᠤ ᠲᠦᠷᠢᠮ ᠲᠤᠭᠳᠠᠭᠠᠯ ᠢ ᠵᠢᠷᠤᠮᠯᠡᠬᠤ ᠬᠡᠷᠡᠭᠲᠡᠢ᠃   6. ᠮᠠᠰᠢᠨ ᠲᠡᠷᠭᠡᠨ ᠳᠤ ᠰᠠᠭᠤᠬᠤ ᠳᠠᠭᠠᠨ ᠠᠮᠤᠷ ᠢ ᠬᠠᠮᠠᠭᠠᠯᠠᠬᠤ ᠪᠦ᠋ᠰᠡᠯᠡᠭᠦᠷ ᠢᠶᠠᠨ ᠪᠦᠰᠡᠯᠡᠬᠦ ᠬᠡᠷᠡᠭᠲᠡᠢ᠃   ᠤᠰᠤᠨ ᠳᠤ ᠠᠳᠡᠬᠦ ᠠᠴᠠ ᠰᠡᠷᠭᠡᠶᠢᠯᠡᠬᠦ ᠬᠡᠷᠡᠭᠲᠡᠢ   7. ᠭᠤᠤᠯ ᠤᠨ ᠬᠦᠪᠡᠭᠡ ᠪᠤᠶᠤ ᠨᠠᠭᠤᠷ ᠴᠦᠬᠦᠷᠦᠮ ᠤᠨ ᠬᠠᠵᠠᠭᠤ ᠪᠠᠷ ᠨᠠᠭᠠᠳᠴᠦ ᠪᠤᠯᠬᠤ ᠦᠭᠡᠢ᠃   8. ᠭᠤᠤᠯ ᠪᠤᠶᠤ ᠤᠰᠤᠨ ᠳᠤ ᠶᠠᠭᠤᠮ ᠎ᠠ ᠤᠨᠠᠭᠠᠪᠠᠯ ᠪᠢᠳᠡᠬᠡᠢ ᠲᠡᠭᠦᠵᠦ ᠠᠪᠤᠭᠠᠷᠠᠢ᠃   9. ᠭᠤᠤᠯ ᠤᠨ ᠬᠦᠪᠡᠭᠡᠨ ᠳᠤ ᠶᠠᠭᠤᠮ᠎ᠠ ᠤᠬᠢᠶᠠᠬᠤ ᠪᠤᠶᠤ ᠵᠢᠭᠠᠰᠦ ᠬᠦᠬᠢᠳᠡᠵᠦ ᠪᠤᠯᠬᠤ ᠦᠭᠡᠢ᠃   10. ᠤᠮᠪᠠᠯᠲᠠ ᠶᠢᠨ ᠭᠠᠵᠠᠷ ᠨᠠᠭᠠᠳᠤᠨ ᠲᠤᠭᠯᠠᠬᠤ ᠳᠠᠭᠠᠨ ᠠᠮᠤᠷ ᠲᠦᠪᠰᠢᠨ ᠢ ᠡᠷᠭᠡᠪᠰᠢ ᠠᠩᠬᠠᠷᠬᠤ ᠬᠡᠷᠡᠭᠲᠡᠢ᠃   11. ᠬᠠᠮᠲᠦ ᠵᠤᠭᠠᠴᠠᠭᠰᠠᠳ ᠪᠤᠶᠤ ᠪᠤᠰᠤᠳ ᠬᠦᠮᠦᠨ ᠤᠰᠤᠨ ᠳᠤ ᠤᠨᠠᠭᠰᠠᠨ ᠪᠤᠯ ᠲᠤᠮᠤᠴᠤᠤᠯ ᠢ ᠡᠷᠢᠵᠦ ᠠᠪᠤᠷᠠᠯ ᠭᠤᠶᠤᠬᠤ ᠠᠴᠠ ᠪᠢᠰᠢ ᠦᠪᠡᠷᠰᠡᠳ ᠢᠶᠠᠨ ᠠᠪᠤᠷᠠᠯᠲᠠ ᠬᠢᠵᠦ ᠪᠤᠯᠬᠤ ᠦᠭᠡᠢ᠃   ᠭᠠᠭᠴᠠᠭᠠᠷ ᠭᠡᠷ ᠲᠡᠭᠡᠨ ᠰᠠᠭᠤᠬᠤ ᠳᠠᠭᠠᠨ ᠠᠮᠤᠷ ᠲᠦᠪᠰᠢᠨ ᠢ ᠠᠩᠬᠠᠷᠬᠤ ᠬᠡᠷᠡᠭᠲᠡᠢ   12. ᠴᠤᠩᠬᠤᠨ ᠲᠠᠶᠢᠰᠠ ᠪᠤᠶᠤ ᠨᠠᠷᠠᠪᠴᠢᠨ ᠳᠡᠭᠡᠷ᠎ᠡ ᠨᠠᠭᠠᠳᠤᠨ ᠲᠤᠭᠯᠠᠵᠦ ᠪᠤᠯᠬᠤ ᠦᠭᠡᠢ᠃   13. ᠨᠦᠢᠲᠠᠨ ᠭᠠᠷ ᠪᠤᠶᠤ ᠨᠦᠢᠲᠠᠠ ᠵᠦᠯᠭᠦᠭᠦᠷ ᠢᠶᠠᠷ ᠴᠠᠬᠢᠯᠭᠠᠨ ᠬᠡᠷᠡᠭᠰᠡᠯ ᠳᠤ ᠬᠦᠷᠴᠦ ᠪᠤᠯᠬᠤ ᠦᠭᠡᠢ᠃   14. ᠲᠠᠨᠢᠬᠤ ᠦᠭᠡᠢ ᠬᠦᠮᠦᠨ ᠳᠤ ᠡᠭᠦᠳᠡ ᠪᠠᠨ ᠨᠡᠬᠡᠬᠡᠵᠦ ᠦᠭᠴᠦ ᠪᠤᠯᠬᠤ ᠦᠭᠡᠢ᠃   15. ᠴᠤᠩᠬᠤ ᠪᠠᠷ ᠭᠠᠳᠠᠭᠰᠢ ᠶᠠᠭᠤᠮ᠎ᠠ ᠬᠠᠶᠠᠵᠦ ᠪᠤᠯᠬᠤ ᠦᠭᠡᠢ᠃   16. ᠰᠢᠳᠠᠭᠠᠮᠠᠯ ᠬᠡᠢ ᠶᠢ ᠲᠤᠷ ᠎ᠠ ᠪᠠᠷ ᠭᠡᠷᠡᠭᠯᠡᠬᠦ ᠦᠭᠡᠢ ᠪᠦᠭᠡᠳ ᠦᠷᠭᠦᠯᠵᠢ ᠴᠤᠩᠬᠤ ᠪᠠᠨ ᠨᠡᠭᠡᠭᠡᠵᠦ ᠵᠢᠪᠠᠷ ᠨᠡᠪᠲᠡᠷᠡᠬᠦᠯᠬᠦ ᠬᠡᠷᠡᠭᠲᠡᠢ᠃   17. ᠭᠠᠯ ᠤᠨ ᠠᠶᠤᠯ ᠭᠠᠷᠪᠠᠯ 119 ᠤᠳᠠᠰᠦ ᠪᠠᠷ ᠬᠡᠷᠡᠭ ᠮᠡᠳᠡᠭᠦᠯᠬᠦ ᠬᠡᠷᠡᠭᠲᠡᠢ᠃   ᠵᠤᠭ᠎ᠠ ᠴᠡᠩᠬᠡᠯ ᠤᠨ ᠭᠠᠵᠠᠷ ᠨᠠᠭᠠᠳᠤᠨ ᠲᠤᠭᠯᠠᠬᠤ ᠳᠠᠭᠠᠨ ᠠᠮᠤᠷ ᠲᠦᠪᠰᠢᠨ ᠢ ᠠᠩᠬᠠᠷᠬᠤ ᠬᠡᠷᠡᠭᠲᠡᠢ   18. ᠰᠦᠯᠵᠢᠶᠡᠨ ᠪᠠᠭᠠᠷ᠂ ᠠᠷᠢᠬᠢᠨ ᠪᠠᠭᠠᠷ ᠪᠤᠶᠤ ᠪᠦᠵᠢᠭ ᠤᠨ ᠭᠠᠵᠠᠷ ᠤᠴᠢᠬᠤ ᠦᠭᠡᠢ᠃   19. ᠡᠯᠧᠺᠳ᠋ᠷᠤᠨ ᠲᠤᠭᠯᠠᠭᠠᠮ ᠳᠤ ᠰᠢᠨᠤᠬᠠᠢᠢᠷᠠᠬᠤ ᠦᠭᠡᠢ᠃   20. ᠡᠷᠡᠭᠦᠯ ᠪᠤᠰᠤ ᠲᠤᠭᠯᠠᠭᠠᠮ ᠨᠠᠭᠠᠳᠬᠤ ᠦᠭᠡᠢ᠃   21. ᠰᠦᠯᠵᠢᠶᠡᠨ ᠠᠨᠳᠠ ᠪᠤᠶᠤ ᠲᠠᠨᠢᠬᠤ ᠦᠭᠡᠢ ᠬᠦᠮᠦᠨ ᠲᠠᠢ ᠲᠤᠷ᠎ᠠ ᠪᠠᠷ ᠪᠤᠯᠵᠤᠨ ᠤᠴᠠᠷᠠᠬᠤ ᠦᠭᠡᠢ᠂ ᠴᠠᠬᠢᠯᠭᠠᠨ ᠬᠤᠯᠪᠤᠭ᠎ᠠ ᠪᠤᠶᠤ ᠰᠦᠯᠵᠢᠶᠡᠨ ᠮᠡᠬᠡᠯᠡᠯ ᠠᠴᠠ ᠰᠡᠷᠭᠡᠶᠢᠯᠡᠬᠦ ᠬᠡᠷᠡᠭᠲᠡᠢ᠃   22. ᠦᠨᠳᠦᠷ ᠲᠠᠷᠤᠯᠳᠠᠲᠦ ᠤᠳᠠᠰᠤ ᠪᠤᠶᠤ ᠲᠡᠮᠦᠷ ᠵᠠᠮ ᠳᠡᠭᠡᠷ᠎ᠡ ᠨᠠᠭᠠᠳᠤᠨ ᠲᠤᠭᠯᠠᠬᠤ ᠦᠭᠡᠢ᠃   23. ᠬᠥᠮᠦᠨ ᠤᠯᠠᠨ ᠭᠠᠵᠠᠷ ᠠᠴᠠ ᠵᠠᠶᠢᠳᠠᠭᠤ ᠪᠠᠶᠢᠬᠤ ᠬᠡᠷᠡᠭᠲᠡᠢ᠃   ᠪᠡᠶ᠎ᠡ ᠰᠡᠳᠬᠢᠴᠡ ᠶᠢᠨ ᠡᠷᠡᠭᠦᠯ ᠮᠡᠨᠲᠦ ᠶᠢ ᠠᠩᠬᠠᠷᠬᠤ ᠬᠡᠷᠡᠭᠲᠡᠢ   24. ᠠᠪᠦ ᠡᠵᠢ᠂ ᠭᠡᠷ ᠤᠨ ᠬᠦᠮᠦᠰ᠂ ᠨᠠᠶᠢᠵᠠ ᠨᠦᠬᠦᠳ ᠲᠠᠢ ᠪᠠᠨ ᠪᠤᠳᠤᠯ ᠰᠠᠨᠠᠯ ᠢᠶᠠᠨ ᠢᠯᠡᠭᠦᠬᠡᠨ ᠰᠤᠯᠢᠯᠴᠠᠵᠦ ᠪᠠᠶᠢᠬᠤ ᠬᠡᠷᠡᠭᠲᠡᠢ᠃   25. ᠦᠨᠡᠡᠴᠢ ᠰᠢᠳᠤᠷᠭᠤ᠂ ᠪᠠᠶᠠᠰᠤᠩᠭᠤᠢ ᠬᠦᠮᠦᠰ ᠲᠠᠢ ᠢᠯᠡᠭᠦᠦ ᠨᠠᠶᠢᠵᠠᠯᠠᠪᠠᠯ ᠰᠠᠶᠢᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号