ᠲᠡᠯᠭᠡᠷ ᠵᠤᠨ ᠤ ᠳᠣᠯᠣᠭᠠᠨ ᠰᠠᠷ᠎ᠠ ᠬᠥᠯᠥᠨ ᠪᠤᠶᠢᠷ ᠤᠨ ᠲᠠᠯ᠎ᠠ ᠨᠤᠲᠤᠭ ᠵᠣᠭᠠᠴᠠᠯ ᠤᠨ ᠬᠥᠭᠵᠢᠶᠡᠨᠲᠡᠢ | ᠤᠯᠠᠷᠢᠯ ᠢᠶᠠᠨ ᠣᠭᠳᠣᠪᠠ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠯᠥᠨ ᠪᠤᠶᠢᠷ ᠬᠤᠲᠠ ᠶᠢᠨ | ᠴᠢᠩᠭᠢᠰ ᠬᠠᠭᠠᠨ ᠤ ᠠᠭᠤᠳᠠᠮ ᠲᠠᠯᠠᠪᠠᠢ ᠳᠤ ᠪᠣᠳᠠᠰ ᠤᠨ ᠪᠤᠰᠤ ᠰᠣᠶᠣᠯ ᠤᠨ ᠥᠪ᠂ ᠰᠣᠶᠣᠯ ᠤᠨ ᠰᠢᠨ᠎ᠡ | ᠡᠭᠦᠳᠦᠯᠲᠡ᠂ ᠲᠠᠷᠢᠶᠠᠯᠠᠩ ᠤᠨ ᠪᠦᠲᠦᠭᠡᠭᠳᠡᠬᠦᠨ ᠂ ᠡᠸᠡᠩᠬᠢ ᠦᠨᠳᠦᠰᠦᠲᠡᠨ ᠤ ᠣᠨᠴᠠᠯᠢᠭᠲᠤ ᠬᠤᠪᠴᠠᠰᠤ ᠵᠠᠰᠠᠯ᠂ | ᠤᠯᠠᠮᠵᠢᠯᠠᠯᠲᠤ ᠰᠦ ᠢᠳᠡᠭᠡᠨ᠂ ᠴᠠ ᠪᠤᠭᠤ ᠰᠣᠶᠣᠯ ᠤᠨ ᠡᠭᠦᠳᠦᠯᠲᠡ ᠶᠢᠨ ᠲᠣᠭᠯᠠᠭᠠᠮ ᠵᠡᠷᠭᠡ ᠡᠯ᠎ᠡ ᠲᠥᠷᠥᠯ ᠤᠨ | ᠦᠵᠡᠭᠦᠯᠦᠯᠭᠡ ᠶᠢᠨ ᠡᠳ᠋ ᠲᠯᠭᠡᠭᠳᠡᠵᠥ᠂ ᠣᠷᠤᠢ ᠳᠠᠭᠠᠨ ᠪᠠᠰᠠ ᠤᠯᠠᠭᠠᠨᠮᠥ᠋ᠴᠢᠷ ᠤᠨ ᠲᠣᠭᠯᠠᠯᠲᠠ ᠭᠠᠷᠭᠠᠨ᠂ ᠮᠠᠰᠢ | ᠣᠯᠠᠨ ᠵᠤᠭᠠᠴᠠᠭᠰᠠᠳ ᠤᠨ ᠠᠩᠬᠠᠷᠤᠯ ᠢ ᠲᠠᠳᠠᠵᠣ ᠪᠠᠶᠢᠨ᠎ᠠ᠃ | ᠡᠨᠡ ᠪᠣᠯ ᠬᠥᠯᠥᠨ ᠪᠤᠶᠢᠷ ᠬᠤᠲᠠ ᠶᠢᠨ ᠣᠶᠢᠷ᠎ᠠ ᠳᠤ ᠥᠷᠨᠢᠭᠦᠯᠦᠭᠰᠡᠨ ᠰᠣᠳᠣᠨ ᠲᠣᠭᠯᠠᠯᠲᠠ᠂ ᠰᠣᠶᠣᠯ ᠤᠨ | ᠡᠭᠦᠳᠦᠯᠲᠡ᠂ ᠪᠣᠳᠠᠰ ᠤᠨ ᠪᠤᠰᠤ ᠰᠣᠶᠣᠯ ᠤᠨ ᠥᠪ ᠤᠨ ᠦᠵᠡᠭᠦᠯᠦᠯᠭᠡ ᠶᠢᠨ ᠠᠵᠢᠯᠯᠠᠭ᠎ᠠ ᠪᠣᠯᠤᠨ᠎ᠠ᠃ ︽ᠡᠨᠡ | ᠵᠢᠯ ᠠᠴᠠ ᠨᠠᠰᠢ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠳᠤ ᠵᠣᠭᠠᠴᠠᠯ ᠤᠨ | ᠣᠶᠢᠯᠡᠰ ᠢᠯᠡᠳᠲᠡ ᠲᠠᠭᠠᠷᠢᠯᠲᠠ ᠳᠤ ᠣᠴᠠᠷᠠᠭᠰᠠ ᠪᠠᠶᠢᠨ᠎ᠠ ᠃ ᠬᠥᠯᠥᠨ ᠪᠤᠶᠢᠷ ᠬᠤᠲᠠ ᠶᠢᠨ ᠰᠣᠶᠣᠯ ᠵᠣᠭᠠᠴᠠᠯ | ᠷᠠᠳᠢᠣ᠋ ᠲᠧᠯᠸᠢᠰ ᠤᠨ ᠲᠣᠪᠴᠢᠶᠠᠨ ᠤ ᠳᠠᠷᠤᠭ᠎ᠠ ᠴᠢ ᠳ᠋ᠢᠶᠠᠨ ᠯᠢ ᠬᠡᠯᠡᠬᠦ ᠳᠡᠭᠡᠨ᠂ ᠵᠣᠭᠠᠴᠠᠯ ᠤᠨ ᠣᠶᠢᠯᠡᠰ ᠢ | ᠪᠦᠬᠦ ᠲᠠᠯ᠎ᠠ ᠪᠠᠷ ᠰᠡᠷᠭᠦᠭᠡᠨ ᠬᠥᠭᠵᠢᠭᠦᠯᠬᠦ ᠶᠢᠨ ᠲᠥᠯᠥᠭᠡ ᠬᠥᠯᠥᠨ ᠪᠤᠶᠢᠷ ᠬᠤᠲᠠ ᠣᠯᠠᠨ ᠠᠷᠭ᠎ᠠ ᠬᠡᠮᠵᠢᠶ᠎ᠡ | ᠠᠪᠴᠤ ᠵᠣᠭᠠᠴᠠᠭᠰᠠᠳ ᠤᠨ ᠲᠤᠭ᠎ᠠ ᠶᠢ ᠳᠡᠭᠡᠭᠰᠢᠯᠡᠭᠦᠯᠵᠦ᠂ ᠦᠵᠡᠮᠵᠢ ᠶᠢᠨ ᠣᠷᠣᠨ ᠢ ᠬᠠᠪᠰᠤᠷᠤᠨ ᠬᠦᠴᠢᠷ | ᠪᠡᠷᠬᠡᠰᠢᠶᠠᠯ ᠢ ᠢᠯᠠᠨ ᠲᠠᠪᠠᠭᠰᠨ ᠪᠠᠶᠢᠨ᠎ᠠ ᠬᠡᠵᠠᠢ᠃ | ᠬᠢᠵᠢᠭ ᠤᠨ ᠪᠠᠶᠢᠳᠠᠯ ᠢ ᠰᠡᠷᠬᠡᠶᠢᠯᠡᠨ ᠬᠤᠷᠢᠭᠯᠠᠬᠤ ᠬᠤᠭᠤᠴᠠᠭᠠᠨ ᠳᠤ ᠭᠠᠳᠠᠷ ᠣᠷᠣᠨ ᠤ ᠵᠤᠭᠠᠴᠠᠭᠰᠠᠳ | ᠴᠥᠭᠡᠨ ᠪᠤᠯᠤᠬᠰᠠᠨ ᠪᠠᠶᠢᠲᠠᠯ ᠳᠤ ᠴᠢᠭᠯᠡᠬᠦᠯᠦᠨ᠂ ᠲᠤᠬᠠᠶ ᠶᠢᠨ ᠭᠠᠵᠠᠷ ᠤᠨ ᠬᠢᠨ ︽ᠬᠥᠯᠥᠨ ᠪᠤᠶᠢᠷ ᠤᠨ ᠬᠦᠮᠣᠰ | ᠬᠥᠯᠥᠨ ᠪᠤᠶᠢᠷ ᠢᠶᠠᠷ ᠵᠤᠭᠠᠴᠠᠬᠤ︾ ᠪᠠ ᠭᠠᠷᠠᠭ ᠤᠨ ᠰᠡᠭᠦᠯᠴᠢ ᠶᠢᠨ 2.5 ᠡᠳᠦᠷ ᠤᠨ ᠬᠠᠷᠢᠮᠠᠬᠠᠶ ᠴᠢᠨᠠᠷᠲᠠᠶ | ᠠᠮᠠᠷᠠᠯᠲᠠ ᠶᠢᠨ ᠲᠦᠷᠢᠮ ᠢ ᠬᠡᠷᠡᠭᠵᠢᠭᠦᠯᠵᠦ᠂ ᠵᠣᠭᠠᠴᠠᠯ ᠂ ᠢᠳᠡᠭᠡᠨ ᠤᠮᠳᠠᠭᠠᠨ ᠤ ᠬᠡᠷᠡᠭᠯᠡᠭᠡᠨ ᠤ ᠲᠡᠮᠳᠡᠭ ᠢ | ᠲᠠᠷᠬᠠᠭᠠᠵᠤ᠂ ᠡᠯ᠎ᠡ ᠶᠡᠭᠡ ᠦᠵᠡᠮᠵᠢᠳᠣ ᠣᠷᠣᠨ ᠨᠢ ᠪᠠᠰᠠ ᠬᠠᠷᠠᠭᠠᠯᠵᠠᠯ ᠲᠠᠢ ᠪᠣᠷᠣᠯᠠᠭᠤᠯᠭ᠎ᠠ ᠶᠢ ᠠᠬᠢᠭᠤᠯᠬᠤ | ᠠᠵᠢᠯᠯᠠᠭ᠎ᠠ ᠶᠢ ᠵᠠᠯᠭ᠎ᠠ ᠪᠠᠷ ᠶᠠᠪᠣᠭᠳᠠᠭᠤᠯᠪᠠ ᠃ | ᠭᠡᠭᠡᠨ ᠭᠤᠣᠯ ᠬᠤᠲᠠ ᠶᠢᠨ ᠤᠯᠭᠤᠶᠠ ᠶᠢᠨ ᠴᠠ ᠪᠤᠭᠤ ᠶᠢᠨ ᠦᠵᠡᠮᠵᠢ ᠶᠢ ᠰᠣᠨᠢᠷᠬᠠᠬᠤ ᠭᠠᠵᠠᠷ ᠲᠤ | ᠴᠠ ᠪᠤᠭᠤ ᠶᠢᠨ ᠰᠣᠶᠣᠯ ᠢ ᠣᠶᠢᠯᠠᠭᠠᠬᠤ ᠪᠠᠷ ᠢᠷᠡᠭᠰᠡᠨ ᠵᠣᠭᠠᠴᠠᠭᠰᠠᠳ ᠮᠡᠳᠡᠭᠳᠡᠮ᠎ᠡ ᠨᠡᠮᠡᠭᠲᠡᠪᠡ ᠂ ︽ | ᠵᠠᠰᠠᠭ ᠤᠨ ᠣᠷᠳᠣᠨ ᠠᠴᠠ ᠬᠥᠯᠥᠨ ᠪᠤᠶᠢᠷ ᠤᠨ ᠬᠥᠮᠦᠰ ᠬᠥᠯᠥᠨ ᠪᠤᠶᠢᠷ ᠲᠤ ᠪᠠᠨ ᠪᠦᠷ ᠢᠶᠠᠷ ᠵᠤᠭᠠᠴᠠᠬᠤ ᠶᠢ | ᠰᠠᠨᠠᠭᠠᠴᠢᠯᠠᠵᠤ ᠪᠠᠶᠢᠨ᠎ᠠ᠂ ᠪᠠᠰᠠ ᠡᠭᠦᠳᠡᠨ ᠪᠢᠯᠧᠲ ᠤᠨ ᠬᠠᠷᠠᠭᠠᠯᠵᠠᠯ ᠲᠠᠢ ᠂ ᠣᠯᠳᠠᠰᠢ ᠦᠭᠡᠢ ᠵᠠᠪᠰᠢᠶᠠᠨ ᠶᠤᠮ᠂ | ᠮᠢᠨᠦ ᠦᠵᠡᠬᠦ ᠪᠠᠷ ᠣᠨᠴᠠᠭᠠᠢ ᠰᠠᠶᠢᠨ ᠣᠴᠢᠷ︾ ᠬᠡᠵᠣ ᠬᠥᠯᠥᠨ ᠪᠤᠶᠢᠷ ᠬᠤᠳᠠ ᠠᠴᠠ ᠢᠷᠡᠭᠰᠡᠨ 74 | ᠨᠠᠰᠤᠲᠠᠢ ᠵᠤᠭᠠᠴᠠᠭᠴᠢ ᠯᠢ ᠠᠪᠤᠭᠠᠢ ᠬᠡᠯᠡᠨ᠎ᠡ ᠃ | ᠬᠥᠯᠥᠨ ᠪᠤᠶᠢᠷ ᠬᠤᠲᠠ ᠪᠠᠰᠠ ᠰᠦᠯᠵᠢᠶᠡᠨ ᠤ ᠤᠬᠠᠭᠤᠯᠭ᠎ᠠ ᠶᠢᠨ ᠠᠷᠭ᠎ᠠ ᠵᠠᠮ ᠢ ᠠᠰᠢᠭᠯᠠᠨ᠂ | ᠵᠣᠭᠠᠴᠠᠯ ᠤᠨ ᠤᠬᠠᠭᠤᠯᠤᠨ ᠲᠠᠨᠢᠯᠴᠠᠭᠤᠯᠬᠤ ᠡᠷᠴᠢᠮ ᠢᠶᠠᠨ ᠴᠢᠩᠭᠠᠷᠠᠭᠤᠯᠪᠠ᠃ ᠦᠷ᠎ᠡ ᠳᠤ ᠬᠤᠷᠠᠯᠳᠤᠭᠰᠠᠨ | ᠬᠥᠯᠥᠨ ᠪᠤᠶᠢᠷ ᠤᠨ ᠵᠤᠨ ᠤ ᠤᠯᠠᠷᠢᠯ ᠤᠨ ᠵᠣᠭᠠᠴᠠᠯ ᠤᠨ ᠰᠦᠯᠵᠢᠶᠡᠨ ᠤ ᠰᠣᠨᠢᠨ ᠮᠡᠳᠡᠭᠡ ᠨᠡᠶᠢᠲᠡᠯᠡᠬᠦ ᠬᠤᠷᠠᠯ ᠨᠢ | ︽ᠮᠢᠩᠭᠠᠨ ᠠᠭᠤᠯᠠ ᠲᠦᠮᠡᠨ ᠤᠰᠤ ᠪᠠᠷ ᠶᠠᠪᠣᠭᠰᠠᠨ ᠴᠦ ᠬᠥᠯᠥᠨ ᠪᠤᠶᠢᠷ ᠮᠠᠨᠢ ᠬᠠᠮᠤᠭ ᠠᠴᠠ ᠰᠠᠶᠢᠬᠠᠨ︾ | ᠭᠡᠳᠡᠭ ᠢᠶᠠᠷ ᠭᠤᠤᠯ ᠰᠡᠳᠦᠪ ᠪᠣᠯᠭᠠᠵᠤ᠂ 2020 ᠣᠨ ᠤ ᠬᠥᠯᠥᠨ ᠪᠤᠶᠢᠷ ᠤᠨ ᠵᠣᠨ ᠤ ᠤᠯᠠᠷᠢᠯ ᠤᠨ ᠰᠣᠶᠣᠯ ᠪᠠ | ᠵᠣᠭᠠᠴᠠᠯ + ᠣᠶᠢᠯᠡᠳᠬᠦᠨ ᠤ ᠠᠭᠤᠰᠤᠯᠴᠠᠯ ᠶᠢ ᠰᠦᠯᠵᠢᠶ᠎ᠡ ᠪᠠᠷ ᠨᠡᠶᠢᠳᠡᠯᠭᠰᠡᠨ ᠪᠦᠬᠡᠳ ᠰᠢᠨᠬᠤᠸᠠ | ᠬᠤᠷᠢᠶᠠᠨ ᠤ ᠲᠤᠬᠠᠢ ᠶᠢᠨ ᠲᠠᠯᠠᠪᠠᠢ ᠶᠢᠨ ᠨᠡᠪᠡᠷᠡᠬᠦᠯᠭᠡ ᠂ ᠲᠥᠪ ᠲᠧᠯᠸᠢᠰ ᠤᠨ ᠰᠣᠨᠢᠨ ᠮᠡᠳᠡᠭᠡᠨ ᠤ ᠰᠢᠯᠵᠢᠮᠡᠯ | ᠰᠦᠯᠵᠢᠶ᠎ᠡ ᠂ ᠳᠡᠯᠡᠬᠡᠢ ᠳ᠋ᠠᠬᠢᠨ ᠲᠠ ᠰᠠᠶᠢᠨ ᠤᠤ᠂ ᠪᠢ ᠪᠣᠯ ᠥᠪᠥᠷ ᠮᠣᠩᠭᠤᠯ᠂ ᠰᠢᠶᠧ ᠲᠦᠩ ᠵᠤᠭᠠᠴᠠᠯ᠂ | ᠥᠨᠥᠳᠦᠷ ᠤᠨ ᠲᠡᠷᠢᠭᠦᠨ ᠮᠡᠳᠡᠭᠡ ᠂ ᠳ᠋ᠧᠦ ᠶᠢᠨ ᠵᠡᠷᠭᠡ 18 ᠰᠢᠭᠤᠳ ᠨᠡᠪᠳᠡᠷᠬᠦᠯᠬᠦ ᠲᠠᠪᠴᠠᠩ ᠢᠶᠠᠷ ᠳᠠᠮᠵᠢᠨ | ᠲᠤᠬᠠᠢ ᠶᠢᠨ ᠲᠠᠯᠠᠪᠠᠢ ᠶᠢᠨ ᠪᠦᠬᠦ ᠶᠠᠪᠤᠴᠠ ᠶᠢ ᠰᠢᠭᠤᠳ ᠨᠡᠪᠳᠡᠷᠡᠬᠦᠯᠪᠡ᠃ ᠬᠥᠯᠥᠨ ᠪᠣᠶᠢᠷ ᠬᠤᠲᠠ ᠶᠢᠨ | ᠰᠣᠶᠣᠯ ᠵᠣᠭᠠᠴᠠᠯ ᠷᠠᠳᠢᠣ᠋ ᠲᠧᠯᠸᠢᠰ ᠤᠨ ᠲᠣᠪᠴᠢᠶ᠎ᠠ ᠵᠡᠷᠭᠡ ᠡᠯ᠎ᠡ ᠪᠦᠷᠢᠯᠳᠦᠬᠦᠨ ᠨᠢᠭᠡᠴᠡ ᠶᠢᠨ ᠲᠦᠯᠣᠭᠡᠯᠡᠭᠴᠢ | ᠲᠣᠰ ᠲᠣᠰ ᠬᠥᠯᠥᠨ ᠪᠣᠶᠢᠷ ᠤᠨ ᠵᠤᠨ ᠤ ᠤᠯᠠᠷᠢᠯ ᠤᠨ ᠵᠣᠭᠠᠴᠠᠯ᠂ ᠪᠡᠶ᠎ᠡ ᠶᠢᠨ ᠲᠠᠮᠢᠷ + ᠵᠣᠭᠠᠴᠠᠯ᠂ | ᠬᠤᠳᠠᠯᠳᠤᠭᠠᠨ ᠤ ᠶᠠᠪᠤᠳᠠᠯ + ᠵᠣᠭᠠᠴᠠᠯ᠂ ᠣᠢ ᠰᠢᠭᠤᠶ + ᠵᠣᠭᠠᠴᠠᠯ ᠪᠠ ᠬᠥᠯᠥᠨ ᠪᠤᠶᠢᠷ ᠲᠡᠮᠳᠡᠭᠲᠦ ᠲᠠᠯ᠎ᠠ | ᠨᠤᠲᠤᠭ ᠤᠨ ᠣᠢ ᠰᠢᠭᠤᠶ ᠶᠢᠨ ᠵᠣᠭᠠᠴᠠᠯ ᠤᠨ ᠭᠠᠯᠲᠤ ᠲᠡᠷᠭᠡ᠂ ᠬᠥᠯᠥᠨ ᠪᠤᠶᠢᠷ ᠤᠨ ᠪᠦᠯᠣᠭ᠍ᠯᠡᠯ ᠢ | ᠲᠠᠨᠢᠯᠴᠠᠭᠤᠯᠵᠣ᠂ ᠬᠥᠯᠥᠨ ᠪᠤᠶᠢᠷ ᠬᠤᠲᠠ ᠶᠢᠨ ᠰᠣᠶᠣᠯ ᠪᠠ ᠵᠣᠭᠠᠴᠠᠯ ᠤᠨ ᠪᠦᠲᠦᠭᠡᠭᠳᠡᠬᠦᠨ ᠢ ᠪᠦᠬᠦ ᠲᠠᠯ᠎ᠠ ᠪᠠᠷ | ᠤᠬᠠᠭᠤᠯᠤᠨ ᠲᠠᠨᠢᠯᠴᠠᠭᠤᠯᠵᠤ᠂ ᠬᠥᠯᠥᠨ ᠪᠤᠶᠢᠷ ᠬᠤᠲᠠ ᠶᠢᠨ ᠰᠣᠶᠣᠯ ᠵᠢᠭᠤᠯᠴᠢᠯᠠᠯ ᠤᠨ ᠨᠥᠯᠥᠭᠡᠯᠡᠬᠦ ᠬᠦᠴᠦᠨ ᠪᠠ | ᠬᠠᠮᠤᠷᠬᠤ ᠬᠡᠪᠴᠢᠶ᠎ᠡ ᠶᠢ ᠲᠠᠰᠣᠷᠠᠯᠳᠠ ᠥᠬᠡᠶ ᠦᠷᠬᠡᠳᠬᠡᠪᠡ |