2020 ᠤᠨ ᠤ 6 ᠳ᠋ᠤᠭᠠᠷ ᠰᠠᠷ᠎ᠠ ᠶᠢᠨ 28 ᠤ ᠡᠳᠦᠷ᠂ ᠵᠠᠯᠠᠢᠨᠠᠭᠤᠷ ᠲᠤᠭᠤᠷᠢᠭ ᠬᠤᠰᠢᠭᠤᠨ ᠤ | ᠠᠷᠠᠳ ᠤᠨ ᠵᠠᠰᠠᠭ ᠤᠨ ᠤᠷᠳᠥᠨ ᠤ ᠮᠤᠩᠭᠤᠯ ᠰᠦᠯᠵᠢᠶ᠎ᠡ ᠤ ᠬᠢᠨ ᠦᠪᠤᠷ ᠮᠤᠩᠭᠤᠯ ᠤᠨ ᠦᠪᠡᠷᠲᠡᠭᠡᠨ ᠵᠠᠰᠠᠬᠤ | ᠤᠷᠤᠨ ᠤ ᠵᠠᠰᠠᠭ ᠤᠨ ᠤᠷᠳᠥᠨ ᠤ ᠰᠢᠰᠲ᠋ᠧᠮ ᠤᠨ ᠡᠷᠬᠢᠯᠡᠩᠰᠡᠨ ᠮᠤᠩᠭᠤᠯ ᠰᠦᠯᠵᠢᠶᠡᠨ ᠴᠤᠭᠯᠠᠷᠠᠯ ᠤᠨ | ᠳᠦᠷᠪᠡᠳᠡᠬᠢ ᠤᠳᠠᠭᠠᠨ ᠤ ᠰᠦᠯᠵᠢᠶᠡᠨ ᠳᠡᠭᠡᠷᠡᠬᠢ ᠰᠢᠭᠤᠳ ᠨᠡᠪᠲᠡᠷᠡᠭᠦᠯᠭᠡ ᠶᠢᠨ ᠪᠤᠯᠪᠠᠰᠥᠷᠠᠯ ᠳᠤ ᠤᠷᠥᠯᠴᠠᠪᠠ᠃ | ᠲᠤᠰ ᠤᠳᠠᠭᠠᠨ ᠤ ᠪᠤᠯᠪᠠᠰᠥᠷᠠᠯ ᠳᠤ ᠮᠠᠨ ᠤ ᠲᠤᠭᠤᠷᠢᠭ ᠤᠨ ᠬᠠᠮᠢᠶ᠎ᠠ ᠪᠦᠬᠦᠢ ᠠᠵᠢᠯᠲᠠᠨ ᠢᠳᠡᠪᠬᠢᠲᠡᠢ | ᠤᠷᠥᠯᠴᠠᠨ ᠰᠤᠨᠥᠰᠥᠭ᠌ᠰᠠᠨ ᠪᠠᠶᠢᠨ᠎ᠠ᠃ ᠪᠤᠯᠪᠠᠰᠥᠷᠠᠯ ᠤᠨ ᠬᠢᠴᠢᠶᠡᠯ ᠳᠡᠭᠡᠷ᠎ᠡ᠂ ᠠᠯᠠᠲᠠᠨᠪᠠᠭᠠᠨᠠ ᠪᠠᠭᠰᠢ ᠠᠴᠠ ᠠᠯᠪᠠᠨ | ᠪᠢᠴᠢᠭ ᠤᠨ ᠤᠷᠴᠢᠭᠤᠯᠤᠭ᠎ᠠ ᠶᠢᠨ ᠠᠵᠢᠯ ᠳᠤᠮᠳᠠ ᠳᠤᠬᠢᠶᠠᠯᠳᠤᠭᠰᠠᠨ 40 ᠭᠠᠷᠤᠢ ᠠᠰᠠᠭᠤᠳᠠᠯ ᠪᠠᠷ ᠰᠢᠵᠢᠮ | ᠪᠤᠯᠠᠭᠠᠨ᠂ ᠬᠢᠲᠠᠳ ᠮᠤᠩᠭᠤᠯ ᠤᠷᠢᠴᠢᠭᠤᠯᠭᠠ ᠶᠢᠨ ᠨᠤᠮ᠂ ᠲᠤᠯᠢ ᠪᠢᠴᠢᠭ᠂ ᠯᠠᠪᠯᠠᠬᠤ ᠮᠠᠲ᠋ᠧᠷᠢᠶᠠᠯ ᠢ | ᠲᠠᠨᠢᠯᠴᠠᠭᠤᠯᠠᠨ᠂ ᠤᠷᠴᠢᠭᠤᠯᠭ᠎ᠠ ᠶᠢᠨ ᠬᠡᠯᠡ ᠬᠡᠯᠡᠯᠭᠡ᠂ ᠯᠤᠭᠢᠭ᠂ ᠨᠠᠢᠷᠠᠭᠤᠯᠭ᠎ᠠ ᠵᠡᠷᠭᠡ ᠶᠢᠨ ᠠᠰᠠᠭᠤᠳᠠᠯ ᠤᠨ | ᠲᠤᠭᠤᠷᠢᠨ ᠳᠤ ᠳᠡᠯᠭᠡᠷᠡᠭᠦᠯᠡᠨ ᠲᠤᠭᠠᠴᠢᠵᠦ᠂ ᠨᠡᠷ᠎ᠡ ᠲᠣᠮᠢᠶ᠎ᠠ ᠶᠢ ᠳᠦᠷᠢᠮᠵᠢᠭᠦᠯᠡᠬᠦ ᠴᠢᠬᠤᠯᠠ ᠴᠢᠨᠠᠷ ᠢ ᠶᠠᠷᠢᠭᠰᠠᠨ | ᠪᠠᠶᠢᠨ᠎ᠠ᠃ | ᠲᠤᠰ ᠤᠳᠠᠭᠠᠨ ᠤ ᠪᠤᠯᠪᠠᠰᠥᠷᠠᠯ ᠪᠠᠷ ᠳᠠᠮᠵᠢᠨ ᠵᠠᠯᠠᠢᠨᠠᠭᠤᠷ ᠲᠤᠭᠤᠷᠢᠭ ᠬᠤᠰᠢᠭᠤᠨ ᠤ ᠠᠷᠠᠳ ᠤᠨ ᠵᠠᠰᠠᠭ ᠤᠨ | ᠤᠷᠳᠥᠨ ᠤ ᠮᠤᠩᠭᠤᠯ ᠰᠦᠯᠵᠢᠶ᠎ᠡ ᠤ ᠠᠵᠢᠯᠲᠠᠳ ᠤᠨ ᠤᠷᠴᠢᠭᠤᠯᠬᠤ ᠴᠢᠳᠠᠪᠦᠷᠢ ᠶᠢ ᠳᠡᠭᠡᠭᠰᠢᠯᠡᠭᠦᠯᠥᠨ᠂ ᠮᠠᠨ ᠤ | ᠲᠤᠭᠤᠷᠢᠭ ᠤᠨ ᠮᠤᠩᠭᠤᠯ ᠰᠦᠯᠵᠢᠶ᠎ᠡ ᠤ ᠰᠢᠨ᠎ᠡ ᠨᠢᠭᠡᠨ ᠱᠠᠲᠤᠨ ᠳᠤ ᠭᠠᠷᠬᠤ ᠶᠢ ᠠᠬᠢᠭᠤᠯᠥᠭ᠌ᠰᠠᠨ ᠪᠠᠶᠢᠨ᠎ᠠ ᠃ | |